Title |
ᠶᠠᠫᠤᠨ ᠬᠡᠯᠡᠨ ᠦ ᠬᠢᠲᠠᠳ ᠦᠰᠦᠭ ᠦᠨ ᠣᠷᠴᠢᠭ᠋ᠤᠯᠭᠠ ᠳᠤ ᠬᠤᠯᠪᠤᠭᠳᠠᠬᠤ ᠵᠠᠷᠢᠮ ᠠᠰᠠᠭ᠋᠋ᠤᠳᠠᠯ ᠳᠤ |
Creator |
ᠸᠠᠩ ᠾᠧ ᠫᠢᠩ |
Keyword |
ᠶᠠᠫᠤᠨ ᠬᠡᠯᠡᠨ ᠦ ᠬᠢᠲᠠᠳ ᠦᠰᠦᠭ; ᠬᠢᠲᠠᠳ ᠬᠡᠯᠡᠨ ᠦ ᠬᠢᠲᠠᠳ ᠦᠰᠦᠭ; ᠣᠷᠴᠢᠭ᠋ᠤᠯᠭᠠ |
Abstract |
ᠵᠠᠷᠢᠮ ᠬᠦᠮᠦᠨ ᠦ ᠦᠵᠡᠬᠦ ᠪᠡᠷ᠂ ᠶᠠᠫᠤᠨ ᠬᠡᠯᠡ ᠶᠢ ᠬᠢᠲᠠᠳ ᠬᠡᠯᠡ ᠳᠡᠭᠡᠷ᠎ᠡ ᠣᠷᠴᠢᠭ᠋ᠤᠯᠬᠤ ᠳᠤ ᠬᠠᠮᠤᠭ ᠬᠢᠯᠪᠠᠷ ᠭᠡᠳᠡᠭ᠂ ᠤᠴᠢᠷ ᠨᠢ ᠶᠠᠫᠤᠨ ᠬᠡᠯᠡᠨ ᠳᠦ ᠨᠡᠯᠢᠶᠡᠳ ᠬᠢᠲᠠᠳ ᠦᠰᠦᠭ ᠬᠤᠯᠢᠯᠳᠤᠵᠤ ᠪᠠᠢᠳᠠᠭ᠂ ᠶᠠᠫᠤᠨ ᠬᠡᠯᠡ ᠮᠡᠳᠡᠬᠦ ᠦᠭᠡᠢ ᠬᠦᠮᠦᠨ ᠴᠦ ᠪᠠᠷᠤᠭ ᠲᠦᠯᠦᠪ ᠢ ᠨᠢ ᠲᠦᠰᠦᠪᠯᠡᠵᠦ ᠳᠡᠢᠯᠦᠨ᠎ᠡ᠃ ᠦᠨ᠋ᠡ ᠳᠡᠭᠡᠨ ᠶᠠᠫᠤᠨ ᠬᠡᠯᠡ ᠳᠡᠬᠢ ᠬᠢᠲᠠᠳ ᠦᠰᠦᠭ ᠨᠢ ᠣᠷᠴᠢᠭ᠋ᠤᠯᠭᠠ ᠳᠤ ᠳᠦᠭᠦᠮ ᠬᠢᠯᠪᠠᠷ ᠵᠠᠮ ᠢ ᠬᠠᠩᠭ᠋ᠠᠵᠤ ᠦᠭᠭᠦᠭᠰᠡᠨ ᠶᠠᠪᠤᠳᠠᠯ ᠪᠢᠰᠢ᠂ ᠣᠷᠴᠢᠭ᠋ᠤᠯᠬᠤ ᠶᠠᠪᠤᠴᠠ ᠳᠤ ᠬᠡᠷᠪᠡ ᠦᠷᠭᠦᠯᠵᠢ ᠬᠡᠷᠡᠭᠯᠡᠳᠡᠭ ᠬᠢᠲᠠᠳ ᠬᠡᠯᠡ ᠪᠢᠴᠢᠭ ᠦᠨ ᠬᠢᠲᠠᠳ ᠦᠰᠦᠭ ᠦᠨ ᠤᠳᠬ᠎ᠠ ᠪᠠᠷ ᠤᠳᠬ᠎ᠠ ᠠᠭ᠋ᠤᠯᠭ᠎ᠠ ᠶᠢ ᠨᠢ ᠲᠤᠳᠤᠷᠬᠠᠢᠯᠠᠵᠤ᠂ ᠵᠠᠳᠠᠯᠤᠨ ᠣᠢᠯᠠᠭ᠋ᠠᠵᠤ᠂ ᠲᠦᠯᠬᠢᠨ ᠪᠤᠳᠤᠬᠤ ᠳᠤ ᠬᠦᠷᠪᠡᠯ ᠤᠨ᠋ᠠᠭ᠋᠋ᠤᠯᠢ ᠳᠤ ᠣᠷᠤᠵᠤ ᠮᠡᠳᠡᠨ᠎ᠡ᠃ ᠲᠤᠰ ᠦᠭᠦᠯᠡᠯ ᠳᠦ ᠶᠠᠫᠤᠨ ᠬᠡᠯᠡᠨ ᠳᠦ ᠦᠰᠦᠭ ᠦᠨ ᠬᠡᠯᠪᠡᠷᠢ ᠬᠠᠳᠠᠭ᠋ᠠᠯᠠᠭᠳᠠᠵᠤ ᠤᠳᠬ᠎ᠠ ᠤᠰᠠᠳᠬᠤ᠂ ᠬᠡᠯᠪᠡᠷᠢ ᠬᠠᠳᠠᠭ᠋ᠠᠯᠠᠭᠳᠠᠵᠤ ᠤᠳᠬ᠎ᠠ ᠨᠡᠮᠡᠭᠳᠡᠬᠦ᠂ ᠬᠡᠯᠪᠡᠷᠢ ᠬᠠᠳᠠᠭ᠋ᠠᠯᠠᠭᠳᠠᠵᠤ ᠤᠳᠬ᠎ᠠ ᠬᠠᠰᠤᠭᠳᠠᠭᠰᠠᠨ ᠵᠢᠴᠢ ᠬᠡᠯᠪᠡᠷᠢ ᠤᠳᠬ᠎ᠠ ᠪᠦᠬᠦ ᠲᠠᠯ᠎ᠠ ᠪᠠᠷ ᠦᠭᠡᠷᠡᠴᠢᠯᠡᠭᠳᠡᠭᠰᠡᠨ ᠵᠡᠷᠭᠡ ᠠᠳᠠᠯᠢ ᠪᠤᠰᠤ ᠲᠠᠯ᠎ᠠ ᠠᠴᠠ ᠶᠡᠬᠡ ᠬᠡᠮᠵᠢᠶᠡᠨ ᠦ ᠪᠤᠳᠠᠲᠤ ᠵᠢᠱᠢᠶ᠎ᠡ ᠪᠡᠷ ᠲᠤᠳᠤᠷᠬᠠᠢᠯᠠᠯᠲᠠ ᠬᠢᠭᠰᠡᠨ ᠨᠢ ᠶᠠᠫᠤᠨ ᠬᠡᠯᠡᠨ ᠦ ᠬᠢᠲᠠᠳ ᠦᠰᠦᠭ ᠦᠨ ᠲᠤᠬᠠᠢ ᠲᠠᠨ᠋ᠢᠯᠲᠠ ᠶᠢ ᠦᠭᠡᠷᠡᠴᠢᠯᠡᠬᠦ ᠶᠢᠨ ᠲᠦᠯᠦᠭᠡ ᠶᠤᠮ᠃ |
Original Literature |
No Original Paper
|
出自 |
内蒙古民族大学学报(社会科学)
2002年
第3期
|