Title |
ᠮᠣᠩᠭᠤᠯ ᠬᠡᠯᠡᠨ ᠦ ᠦᠭᠦᠯᠡᠪᠦᠷᠢ ᠵᠦᠢ ᠶᠢᠨ ᠬᠤᠯᠪᠤᠭ᠎ᠠ ᠶᠢᠨ ᠲᠤᠬᠠᠢ |
Creator |
ᠭᠠᠯᠰᠠᠩ |
Keyword |
ᠦᠭᠡ ᠬᠤᠯᠪᠤᠬᠤ ᠶᠤᠰᠤ; ᠦᠭᠦᠯᠡᠪᠦᠷᠢ ᠶᠢᠨ ᠬᠤᠯᠪᠤᠭ᠎ᠠ; ᠦᠭᠦᠯᠡᠪᠦᠷᠢ ᠵᠦᠢ ᠶᠢᠨ ᠬᠤᠯᠪᠤᠭᠠᠨ ᠤ ᠬᠠᠷᠢᠴᠠᠭ᠎ᠠ |
Abstract |
ᠦᠭᠦᠯᠡᠯ ᠳᠦ ᠤᠯᠠᠮᠵᠢᠯᠠᠯᠲᠤ ᠬᠡᠯᠡ ᠵᠦᠢ ᠶᠢᠨ 《ᠦᠭᠡ ᠬᠤᠯᠪᠤᠬᠤ ᠶᠤᠰᠤ》ᠭᠡᠳᠡᠭ ᠢ 《ᠦᠭᠦᠯᠡᠪᠦᠷᠢ ᠵᠦᠢ ᠶᠢᠨ ᠬᠤᠯᠪᠤᠭ᠎ᠠ》ᠭᠡᠵᠦ ᠨᠡᠷᠡᠢ᠌ᠳᠦᠭᠡᠳ᠂ ᠮᠣᠩ᠋ᠭᠤᠯ ᠬᠡᠯᠡᠨ ᠦ ᠦᠭᠦᠯᠡᠪᠦᠷᠢ ᠵᠦᠢ ᠶᠢᠨ ᠬᠤᠯᠪᠤᠭ᠎ᠠ ᠶᠢᠨ ᠲᠤᠭᠲᠠᠯᠴᠠᠭ᠎ᠠ ᠶᠢ 《ᠦᠭᠡ ᠬᠤᠯᠪᠤᠬᠤ ᠶᠤᠰᠤ》᠂ 《ᠦᠭᠦᠯᠡᠪᠦᠷᠢ ᠬᠤᠯᠪᠤᠬᠤ ᠶᠤᠰᠤ》ᠭᠡᠵᠦ ᠬᠤᠶᠠᠷ ᠠᠩᠭᠢᠯᠠᠭᠠᠳ᠂ ᠲᠡᠭᠦᠨ ᠢ ᠬᠤᠯᠪᠤᠬᠤ ᠳᠠᠭᠠᠨ ᠵᠡᠷᠭᠡᠴᠡᠭᠦᠯᠦᠨ ᠬᠤᠯᠪᠤᠬᠤ ᠪᠠ ᠵᠠᠬᠢᠷᠤᠭᠤᠯᠤᠨ ᠬᠤᠯᠪᠤᠬᠤ ᠬᠤᠶᠠᠷ ᠶᠡᠬᠡ ᠠᠷᠭ᠎ᠠ ᠪᠠᠢ᠌ᠨ᠎ᠠ ᠭᠡᠵᠦ ᠦᠵᠡᠭᠡᠳ᠂ ᠤᠯᠠᠮᠵᠢᠯᠠᠯᠲᠤ ᠬᠡᠯᠡ ᠵᠦᠢ ᠶᠢᠨ ᠰᠢᠭ᠌ 《ᠦᠭᠡ ᠬᠤᠯᠪᠤᠬᠤ ᠶᠤᠰᠤ》ᠭᠡᠳᠡᠭ ᠢ ᠵᠦᠪᠬᠡᠨ ᠬᠤᠯᠪᠤᠭ᠎ᠠ ᠦᠭᠡ ᠳᠦ ᠠᠪᠴᠤ ᠦᠵᠡᠭᠰᠡᠨ ᠪᠢᠰᠢ᠂ ᠬᠠᠷᠢᠨ ᠪᠦᠬᠦᠢ᠌ᠯᠡ ᠦᠭᠦᠯᠡᠪᠦᠷᠢ ᠳᠦ ᠠᠪᠴᠤ ᠰᠢᠨᠵᠢᠯᠡᠵᠡᠢ᠃ ᠭᠡᠬᠦ ᠳᠡᠭᠡᠨ ᠮᠣᠩ᠋ᠭᠤᠯ ᠬᠡᠯᠡᠨ ᠦ ᠦᠭᠦᠯᠡᠪᠦᠷᠢ ᠵᠦᠢ ᠶᠢᠨ ᠬᠤᠯᠪᠤᠭᠠᠨ ᠤ ᠬᠠᠷᠢᠴᠠᠭ᠎ᠠ ᠶᠢ ᠵᠡᠷᠭᠡᠴᠡᠭᠰᠡᠨ ᠬᠠᠷᠢᠴᠠᠭ᠎ᠠ ᠪᠠ ᠵᠠᠬᠢᠷᠤᠭᠰᠠᠨ ᠬᠠᠷᠢᠴᠠᠭ᠎ᠠ ᠭᠡᠬᠦ ᠬᠤᠶᠠᠷ ᠬᠡᠰᠡᠭ ᠲᠦ ᠬᠤᠪᠢᠶᠠᠵᠤ᠂ ᠲᠡᠭᠦᠨ ᠦ ᠲᠤᠭᠲᠠᠯᠴᠠᠭ᠎ᠠ ᠶᠢ ᠢᠯᠡᠷᠡᠭᠦᠯᠵᠡᠢ᠃ |
Original Literature |
View Original Paper
|
出自 |
内蒙古民族大学学报(社会科学)
2005年
第2期
|