Title |
ᠬᠡᠪᠰᠢᠭᠳᠡᠨ ᠦ ᠥᠭᠥᠯᠡᠯᠭᠡ 《ᠭᠤᠪᠢ ᠶᠢᠨ ᠡᠮᠦᠨᠡᠬᠢ ᠵᠠᠯᠠᠭᠤᠰ ᠤᠨ ᠨᠢᠯᠪᠤᠰᠤ》ᠶ᠋ᠢᠨ ᠰᠤᠶᠤᠯ ᠤᠨ ᠠᠬᠤᠭᠤᠯᠤᠮᠵᠢ ᠶᠢ ᠲᠤᠷᠰᠢᠨ ᠥᠭᠥᠯᠡᠬᠦ ᠨᠢ |
Creator |
ᠬ᠂ ᠤᠯᠠᠭᠠᠨᠪᠠᠭᠠᠳᠤᠷ |
Keyword |
ᠬᠡᠪᠰᠢᠭᠳᠡᠨ; ᠥᠭᠥᠯᠡᠯᠭᠡ ; ᠰᠤᠶᠤᠯ ᠤᠨ ᠠᠬᠤᠭᠤᠯᠤᠮᠵᠢ |
Abstract |
20ᠳ᠋ᠤᠭᠠᠷ ᠵᠠᠭᠤᠨ ᠦ ᠳᠠᠪᠤᠨ ᠵᠢᠯ ᠤᠨ ᠬᠤᠷᠴᠢᠨ ᠤᠷᠠᠨ ᠵᠤᠬᠢᠶᠠᠯ ᠤᠨ ᠬᠦᠷᠢᠶᠡᠨ᠎ᠡ ᠡᠰᠡᠷᠭᠡᠴᠡᠯ ᠳᠠᠮᠠᠴᠡᠯ᠂ ᠰᠡᠭᠡᠭᠡᠷᠡᠭᠦᠯᠦᠯ ᠬᠡᠬᠡᠷᠡᠭᠦᠯᠦᠯ᠂ ᠭᠠᠳᠠᠭᠠᠳᠤ ᠤᠬᠠᠮᠰᠠᠷ᠂ ᠵᠤᠭ᠎ᠠ ᠴᠠᠩᠬᠡᠯ ᠤᠨ ᠤᠯᠠᠨ ᠡᠰᠢᠳᠦ ᠬᠦᠭ᠌ ᠠᠶᠠᠰ ᠵᠡᠷᠭᠡᠴᠡᠨ ᠤᠷᠤᠰᠢᠵᠦ ᠪᠠᠢ᠌ᠭᠰᠠᠨ ᠦᠶ ᠡ ᠳᠤ ᠪᠠᠭᠳᠦᠷ ᠤᠨ ᠲᠤᠤᠯᠢ᠂ ᠶᠠᠪᠠᠭᠠᠨ ᠦᠯᠢᠭᠡᠷ ᠵᠡᠷᠭᠡ ᠠᠷᠠᠳ ᠤᠨ ᠠᠮᠠᠨ ᠵᠤᠬᠢᠶᠠᠯ ᠤᠨ ᠭᠦᠨ ᠵᠤᠵᠠᠭᠠᠨ ᠬᠦᠷᠦᠰᠦᠨ ᠡᠴᠡ ᠰᠢᠮ᠎ᠡ ᠬᠦᠷᠳᠡᠵᠦ ᠲᠤᠬᠠᠢ ᠶᠢᠨ ᠴᠠᠭ ᠡᠷᠢᠨ ᠳᠡᠬᠢ ᠮᠣᠩᠭᠣᠯ ᠰᠤᠶᠤᠯ ᠤᠨ ᠠᠮᠢ ᠠᠬᠤᠢ ᠶᠢᠨ ᠪᠤᠳᠠᠳᠤ ᠪᠠᠢ᠌ᠳᠠᠯ᠂ ᠮᠣᠩᠭ᠋ᠤᠯᠴᠤᠳ ᠤᠨ ᠦᠵᠡᠯ ᠤᠢ᠌ᠯᠠᠭᠠᠯᠲᠠ᠂ ᠦᠷᠳᠡᠭ ᠤᠨ ᠰᠤᠩᠭᠤᠯᠲᠠ ᠶᠢ ᠪᠤᠰᠤᠳᠴᠢ ᠪᠡᠷ ᠢᠯᠡᠷᠡᠭᠦᠯᠦᠨ ᠭᠠᠷᠭᠠᠭᠰᠠᠨ ᠬᠦᠮᠦᠨ ᠪᠤᠯ ᠭᠤᠷᠯᠤᠰ ᠤᠨ ᠡᠮᠦᠨᠡᠳᠦ ᠬᠤᠰᠥᠭᠤᠨ ᠦ ᠬᠡᠪᠰᠢᠭᠳᠡᠨ ᠪᠠᠢ᠌ᠨ᠎ᠠ᠃ ᠳᠡᠭᠦᠨ ᠦ ᠦᠭᠦᠯᠡᠯᠭᠡ ᠶᠢᠨ ᠰᠤᠶᠤᠯ ᠤᠨ ᠠᠬᠤᠭᠤᠯᠤᠮᠵᠢ ᠂ ᠠᠬᠤᠢ᠌ᠴᠢ ᠵᠤᠷᠢᠭ ᠰᠠᠨᠠᠭ᠎ᠠ᠂ ᠬᠡᠪ ᠨᠠᠮᠪᠠ ᠪᠠᠷ ᠶᠢᠨᠨ ᠮᠣᠩᠭᠣᠯ ᠲᠤᠭᠤᠵᠢᠰ ᠤᠨ ᠬᠦᠭ᠍ᠵᠢᠯᠳᠡ ᠳᠤ ᠦᠪᠡᠷᠮᠢᠴᠡ ᠦᠩᠬᠡ ᠪᠤᠳᠤᠭ ᠨᠡᠮᠡᠷᠢᠯᠡᠵᠦ᠂ ᠲᠤᠬᠠᠢ ᠶᠢᠨ ᠴᠠᠭ ᠡᠷᠢᠨ ᠦ ᠬᠤᠷᠴᠢᠨ ᠤᠷᠠᠨ ᠵᠤᠬᠢᠶᠠᠯ ᠤᠨ ᠬᠦᠭ᠍ᠵᠢᠯᠳᠡ ᠶᠢᠨ ᠲᠤᠪᠰᠢᠨ ᠢ ᠨᠢᠭᠡ ᠲᠠᠯ ᠠ ᠡᠴᠡ ᠳᠤᠳᠤᠷᠠᠭᠤᠯᠵᠤ ᠪᠠᠢ᠌ᠭ᠎ᠠ ᠶᠤᠮ ᠂ ᠦᠭᠦᠯᠡᠯ ᠳᠤ ᠤᠷᠠᠨ ᠵᠤᠬᠢᠶᠠᠯ— ᠰᠤᠶᠤᠯ ᠤᠨ ᠰᠢᠭᠦᠮᠵᠢᠯᠡᠯ ᠤᠨ ᠬᠠᠷᠠᠭᠠᠰᠤ ᠪᠡᠷ ᠬᠡᠪᠰᠢᠭᠳᠡᠨ ᠦ ᠦᠭᠦᠯᠡᠯᠭᠡ ᠳᠤ ᠵᠠᠳᠠᠯᠤᠯᠲᠠ ᠬᠢᠵᠦ᠂ ᠳᠤᠰ ᠥᠭᠥᠯᠡᠯᠭᠡ ᠶᠢᠨ ᠬᠤᠷᠴᠢᠨ ᠤᠷᠠᠨ ᠵᠤᠬᠢᠶᠠᠯ ᠤᠨ ᠲᠡᠦᠬᠡᠨ ᠳᠡᠬᠢ ᠪᠠᠢ᠌ᠷᠢ ᠰᠠᠭᠤᠷᠢ ᠶᠢ ᠴᠤᠭᠴᠠᠯᠠᠬᠤ ᠶᠢ ᠵᠤᠷᠢᠪᠠ᠃ |
Original Literature |
View Original Paper
|
出自 |
内蒙古社会科学(蒙文版)
2008年
第4期
|