Paper Information


Title ᠣᠷᠴᠢᠨ ᠦᠶ᠎ᠡ ᠶᠢᠨ ᠮᠣᠩ᠋ᠭᠤᠯ ᠰᠢᠯᠦᠭ ᠦᠨ ᠪᠡᠯᠭᠡᠳᠡᠯ ᠤᠳᠬ᠎ᠠ ᠶᠢ ᠰᠢᠨᠵᠢᠯᠡᠬᠦ ᠨᠢ
Creator ᠬᠤᠸᠠᠩ ᠵᠢᠨ
Keyword ᠣᠷᠴᠢᠨ ᠦᠶ᠎ᠡ; ᠮᠣᠩ᠋ᠭᠤᠯ ᠰᠢᠯᠦᠭ; ᠪᠡᠯᠭᠡᠳᠡᠯ ᠤᠳᠬ᠎ᠠ; ᠭᠤᠤ᠎ᠠ ᠰᠤᠨᠢᠷᠬᠠᠯ
Abstract ᠤᠳᠬ᠎ᠠ ᠵᠤᠬᠢᠶᠠᠯ ᠳᠤ ᠠᠪᠴᠤ ᠬᠡᠯᠡᠪᠡᠯ ᠪᠡᠯᠭᠡᠳᠡᠯ ᠪᠤᠯ ᠤᠷᠠᠯᠢᠭ ᠤᠨ ᠭᠤᠤ᠎ᠠ ᠰᠠᠢ᠌ᠬᠠᠨ ᠤ ᠨᠢᠭᠡ ᠵᠤᠢ᠌ᠯ ᠤᠨ ᠢᠯᠡᠷᠡᠭᠦᠯᠬᠦ ᠠᠷᠭ᠎ᠠ ᠪᠠᠷᠢᠯ ᠪᠤᠯᠬᠤ ᠶᠤᠮ᠃ ᠪᠡᠯᠭᠡᠳᠡᠯ ᠨᠢ ᠦᠭᠡᠰ ᠢᠯᠡ᠂ ᠰᠠᠨᠠᠭ᠎ᠠ ᠳᠠᠯᠳᠠ᠂ ᠤᠳᠬ᠎ᠠ ᠡᠴᠢᠨ᠎ᠡ ᠣᠨᠴᠠᠯᠢᠭ ᠲᠠᠢ᠃ ᠲᠡᠷᠡ ᠨᠢ ᠶᠡᠷᠦ ᠨᠢ ᠤᠷᠠᠨ ᠢᠶᠠᠷ ᠪᠡᠯᠭᠡᠳᠡᠬᠦ ᠪᠤᠶᠤ ᠰᠠᠮ ᠲᠤᠬᠢᠬᠤ ᠬᠡᠯᠪᠡᠷᠢ ᠪᠡᠷ ᠤᠩᠰᠢᠭᠴᠢᠳ ᠤᠨ ᠳᠤᠷ᠎ᠠ ᠰᠤᠨᠢᠷᠬᠠᠯ ᠢ ᠲᠠᠲᠠᠳᠠᠭ᠃ ᠣᠷᠴᠢᠨ ᠦᠶ᠎ᠡ ᠳᠦ 《ᠭᠡᠭᠡᠪᠴᠢ》᠂ 《ᠰᠠᠭᠰᠤ ᠶᠢᠨ ᠳᠤᠲᠤᠷᠠᠬᠢ ᠪᠠᠭ᠎ᠠ ᠰᠢᠪᠠᠭᠤ》᠂ 《ᠭᠡᠷ》᠂ 《ᠡᠯᠡᠰᠦ ᠮᠠᠩ᠋ᠬ᠎ᠠ ᠶᠢᠨ ᠳᠤᠲᠤᠷ᠎ᠠ》ᠮᠡᠲᠦ ᠶᠢᠨ ᠮᠣᠩ᠋ᠭᠤᠯ ᠰᠢᠯᠦᠭ ᠦᠨ ᠪᠡᠯᠭᠡᠳᠡᠯ ᠦᠨ ᠭᠠᠢ᠌ᠬᠠᠮᠰᠢᠭ ᠢ ᠦᠵᠡᠭᠦᠯᠦᠭᠰᠡᠨ ᠰᠤᠳᠤᠨ ᠪᠦᠲᠦᠭᠡᠯ ᠦᠳ ᠢᠯᠡᠷᠡᠵᠡᠢ᠃ ᠡᠳᠡᠭᠡᠷ ᠰᠢᠯᠦᠭ ᠨᠢ ᠡᠭᠡᠯ ᠪᠤᠷᠤᠭᠵᠢᠭᠤᠨ ᠬᠡᠯᠡ ᠬᠡᠯᠡᠯᠭᠡ ᠶᠢᠨ ᠵᠠᠢ ᠳᠤ ᠡᠴᠢᠨ᠎ᠡ ᠭᠦᠨ ᠪᠡᠯᠭᠡᠳᠡᠯ ᠤᠳᠬ᠎ᠠ ᠶᠢ ᠠᠭᠤᠯᠤᠭᠰᠠᠨ ᠤ ᠬᠤᠪᠢ ᠳᠤ ᠤᠩᠰᠢᠭᠴᠢᠳ ᠲᠤ ᠶᠡᠷᠦ ᠪᠤᠰᠤ ᠶᠢᠨ ᠭᠤᠤ᠎ᠠ ᠰᠠᠢ᠌ᠬᠠᠨ ᠤ ᠬᠦᠷᠲᠡᠭᠡᠯ ᠢ ᠣᠯᠭᠤᠵᠤ ᠴᠢᠳᠠᠪᠠ᠃
Original Literature View Original Paper
出自 蒙古学研究 2012年 第3期

联系我们


内蒙古大学图书馆
呼和浩特市大学西路235号
中国·内蒙古
P: (0471) 4992561
E: huangfeilong@imu.edu.cn