Paper Information


Title ᠴᠡᠩᠭᠡᠯᠲᠦ ᠶᠢᠨ ᠨᠤᠲᠤᠭ ᠤᠰᠤᠨ ᠤ ᠤᠷᠠᠨ ᠵᠣᠬᠢᠶᠠᠯ ᠤᠨ ᠰᠢᠭᠦᠮᠵᠢ ᠦᠭᠦᠯᠡᠯ ᠢ ᠦᠭᠦᠯᠡᠬᠦ ᠨᠢ
Creator ᠬᠦᠷᠡᠯᠱᠠ
Keyword ᠴᠡᠩᠭᠡᠯᠲᠦ;ᠰᠢᠭᠦᠮᠵᠢ ᠦᠭᠦᠯᠡᠯ; ᠨᠤᠲᠤᠭ ᠤᠰᠤᠨ ᠤ ᠤᠷᠠᠨ ᠵᠣᠬᠢᠶᠠᠯ
Abstract ᠴᠡᠩᠭᠡᠯᠲᠦ ᠶᠢᠨ ᠰᠢᠭᠦᠮᠵᠢ ᠦᠭᠦᠯᠡᠯ ᠪᠣᠯ ᠪᠠᠭ᠋ ᠠ ᠡᠴᠡ ᠶᠡᠬᠡ ᠵᠢ ᠰᠡᠳᠦᠵᠦ᠂ ᠦᠵᠡᠭᠳᠡᠯ ᠡᠴᠡ ᠮᠦᠨ ᠴᠢᠨᠠᠷ ᠢ ᠦᠭᠦᠯᠡᠵᠦ᠂ ᠦᠩᠭᠡᠷᠡᠯᠲᠡ ᠭᠦᠭ᠍ᠵᠢᠯᠲᠡ ᠡᠴᠡ ᠵᠢᠮ ᠠ ᠶᠣᠰᠤ ᠵᠢ ᠰᠦᠪᠡᠭ᠍ᠴᠢᠯᠡᠵᠦ᠂ ᠦᠨᠡᠨ ᠬᠢᠭᠡᠳ ᠰᠠᠢᠢᠬᠠᠨ ᠢ ᠨᠢᠭᠡᠳᠭᠡᠭ᠍ᠰᠡᠨ᠂ ᠲᠦᠪ ᠴᠢᠩᠭ᠋ ᠠ ᠬᠢᠭᠡᠳ ᠠᠮᠢᠳᠤ ᠴᠤᠪᠤᠭᠤᠯᠢᠭ ᠢ ᠤᠶᠠᠯᠳᠤᠭᠤᠯᠤᠭᠰᠠᠨ᠂ ᠪᠡᠶᠡᠴᠢ ᠰᠡᠳᠬᠢᠯᠭᠡ ᠲᠠᠢ ᠮᠦᠷᠲᠡᠭᠡᠨ ᠪᠣᠰᠤᠳᠴᠢ ᠮᠠᠭᠠᠳᠯᠠᠯ ᠲᠠᠢ ᠂ ᠪᠠᠷᠢᠮᠳᠠ ᠮᠠᠲ᠋ᠧᠷᠢᠶᠠᠯ ᠲᠠᠢ ᠮᠦᠷᠲᠡᠭᠡᠨ ᠤᠨᠤᠯ ᠤᠨ ᠦᠭᠦᠯᠡᠮᠵᠢ ᠲᠠᠢ ᠡᠷᠳᠡᠮ ᠰᠢᠨᠵᠢᠯᠡᠭᠡᠨ ᠤ ᠬᠡᠯᠪᠡᠷᠢᠲᠦ ᠰᠢᠬᠦᠮᠵᠢ ᠦᠭᠦᠯᠡᠯ ᠪᠣᠯᠬᠤ ᠶᠣᠮ᠃ ᠰᠢᠬᠦᠮᠵᠢᠯᠡᠭᠴᠢ ᠴᠡᠩᠭᠡᠯᠲᠦ ᠪᠡᠷ《 ᠰᠣᠭᠦᠯ ᠤᠨ ᠦᠶ ᠡ ᠶᠢᠨ ᠮᠣᠩᠭ᠋ᠤᠯ ᠤᠷᠠᠨ ᠵᠣᠬᠢᠶᠠᠯ ᠤᠨ ᠰᠢᠬᠦᠮᠵᠢ ᠪᠠ ᠠᠷᠭ᠋  ᠠ ᠵᠦᠢ》ᠭᠡᠬᠦ ᠦᠭᠦᠯᠡᠯ ᠳ᠋ᠡᠭᠡᠨ ᠪᠦᠬᠦᠳᠡ ᠨᠠᠢᠢᠷᠠᠮᠳᠠᠬᠤ ᠲᠤᠮᠳᠠᠳᠤ ᠠᠷᠠᠳ ᠤᠯᠤᠰ ᠪᠠᠢᠢᠭᠤᠯᠤᠭᠳᠠᠭᠰᠠᠨ ᠤ ᠲᠠᠷᠠᠭᠠᠬᠢ ᠠᠷᠪᠠᠨ ᠲᠤᠯᠤᠭᠠᠨ ᠵᠢᠯ ᠤᠨ ᠰᠢᠭᠦᠮᠵᠢ ᠬᠢᠭᠡᠳ ᠰᠣᠶᠣᠯ ᠤᠨ ᠶᠡᠬᠡ ᠬᠤᠪᠢᠰᠬᠠᠯ ᠤᠨ ᠲᠠᠷᠠᠭᠠᠬᠢ ᠰᠢᠨ᠌ ᠠ ᠴᠠᠭ ᠡᠷᠢᠨ ᠤ ᠰᠢᠬᠦᠮᠵᠢ ᠵᠢ ᠲᠡᠦᠬᠡᠴᠢᠯᠠᠨ ᠰᠢᠨᠵᠢᠯᠡᠵᠦ᠂᠂ᠠᠷᠭ᠋ ᠠ ᠵᠦᠢ ᠶᠢᠨ ᠬᠠᠷᠠᠭ᠋ ᠠ ᠡᠴᠡ ᠠᠮᠵᠢᠯᠲᠠ ᠪᠠ ᠠᠰᠠᠭᠤᠳᠠᠯ  ᠢ ᠨᠢ ᠳ᠋ᠦᠩᠨᠡᠵᠦ᠂ ᠲᠠᠨᠢᠯᠴᠠᠭᠤᠯᠬ᠋ ᠠ ᠮᠠᠶᠢᠭ ᠤᠨ ᠰᠢᠭᠦᠮᠵᠢ᠂ ᠵᠠᠷ ᠲᠤᠩᠬᠠᠭ ᠮᠠᠶᠢᠭ ᠤᠨ ᠰᠢᠭᠦᠮᠵᠢ᠂ ᠤᠩᠰᠢᠭᠰᠠᠨ ᠲᠦᠷᠦᠭᠳᠡᠯ ᠮᠠᠶᠢᠭ ᠤᠨ ᠰᠢᠬᠦᠮᠵᠢ ᠡᠴᠡ ᠯᠣᠬᠢᠭ ᠰᠡᠳᠬᠢᠭᠦᠢ ᠴᠢᠩᠭ᠋ ᠠ ᠨᠢᠮᠪᠠᠢ᠂ ᠦᠵᠡᠯᠲᠡ ᠣᠪᠤᠷ ᠨᠠᠷᠢᠨ ᠬᠢᠨᠠᠮᠠᠭᠠᠢ᠂ ᠡᠬᠢ ᠲᠢᠭᠲᠡᠢ᠂ ᠰᠢᠰᠲ᠋ᠧᠮᠲᠤ ᠴᠢᠨᠠᠷ᠂ ᠴᠣᠭᠴᠠᠲᠤ ᠣᠨᠴᠠᠯᠢᠭ᠂ ᠣᠨᠤᠪᠴᠢᠲᠤ ᠰᠢᠨᠵᠢ ᠲᠠᠢ ᠪᠦᠲᠦᠭᠡᠯᠴᠢ ᠰᠢᠭᠦᠮᠵᠢ ᠪᠢᠴᠢᠭᠦ ᠵᠢ ᠬᠦᠰᠡᠭᠰᠡᠨ ᠪᠠᠢᠢᠨ᠌ ᠠ᠃ ᠲᠡᠷᠡ ᠪᠡᠷ ᠭᠤᠤ ᠠ ᠵᠦᠢ᠂ ᠰᠣᠶᠣᠯ ᠵᠦᠢ᠂ ᠨᠡᠢᠢᠭᠡᠮ ᠵᠦᠢ᠂ᠭᠦᠨ ᠤᠬᠠᠭᠠᠨ ᠬᠢᠭᠡᠳ ᠤᠳᠬ ᠠ ᠵᠣᠬᠢᠶᠠᠯ ᠢ ᠤᠶᠠᠯᠳᠤᠭᠤᠯᠤᠭᠰᠠᠨ ᠤᠨᠤᠯ ᠤᠨ ᠪᠠᠷᠢᠮᠲᠠᠯᠠᠯ ᠲᠠᠢ ᠂ ᠤᠯᠠᠨ ᠵᠦᠢᠯ ᠤᠨ ᠰᠢᠨᠵᠢᠯᠡᠭᠡᠨ ᠤ ᠠᠷᠭ᠋ ᠠ ᠵᠢ ᠰᠤᠯᠢᠪᠴᠠᠭᠤᠯᠤᠨ ᠭᠡᠷᠡᠭᠯᠡᠭᠰᠡᠨ᠂ ᠰᠣᠨᠢᠷᠬᠠᠯ ᠲᠠᠢ ᠮᠦᠷᠲᠡᠭᠡᠨ ᠮᠠᠭᠠᠳᠯᠠᠯ ᠲᠠᠢ ᠰᠢᠬᠦᠮᠵᠢ ᠪᠢᠴᠢᠬᠦ ᠵᠢ ᠴᠢᠬᠤᠯᠠᠴᠢᠯᠠᠭᠰᠠᠨ ᠨᠢ ᠨᠤᠨᠤᠯ ᠬᠢᠭᠡᠳ ᠦᠢᠯᠡᠳᠦᠯᠭᠡ ᠶᠢᠨ ᠠᠴᠢ ᠬᠤᠯᠪᠤᠭᠳᠠᠯ ᠲᠠᠢ ᠪᠠᠢᠢᠨ᠌ ᠠ᠃
Original Literature View Original Paper
出自 中国蒙古学 2014年 第1期

联系我们


内蒙古大学图书馆
呼和浩特市大学西路235号
中国·内蒙古
P: (0471) 4992561
E: huangfeilong@imu.edu.cn