Title |
ᠵᠠᠬ ᠠ ᠲᠡᠯᠭᠡᠭᠦᠷ ᠤᠨ ᠰᠡᠳᠦᠪᠲᠦ ᠷᠤᠮᠠᠨ ᠤ ᠦᠨᠳᠦᠰᠦᠨ ᠣᠨᠴᠠᠯᠢᠭ |
Creator |
ᠰᠡᠴᠡᠨ |
Keyword |
ᠵᠠᠬ ᠠ ᠲᠡᠯᠭᠡᠭᠦᠷ ᠤᠨ ᠰᠡᠳᠦᠪᠲᠦ ᠷᠤᠮᠠᠨ;ᠬᠡᠯᠡ; ᠦᠢᠯᠡᠪᠦᠢᠷᠯᠡᠯ ᠤᠨ ᠪᠤᠰᠦ ᠬᠡᠯᠪᠡᠷᠢ; ᠤᠷᠠᠯᠢᠭᠴᠢᠨ ᠤ ᠰᠡᠳᠬᠢᠬᠦᠢ |
Abstract |
ᠦᠭᠦᠯᠡᠯ ᠳ᠋ᠤ《ᠡᠷᠢᠶᠡᠨ》᠂《ᠡᠷᠢᠶᠠᠨ ᠪᠠᠩᠵᠵᠠᠯ ᠲᠠᠢ ᠬᠤᠲᠠ》《ᠮᠣᠩᠭᠤᠯᠴᠤᠳ ᠪᠡᠭᠡᠵᠢᠩ ᠳ᠋ᠤ》 ᠭᠤᠷᠪᠠᠨ ᠷᠤᠮᠠᠨ ᠤ ᠵᠠᠬ ᠠ ᠲᠡᠯᠭᠡᠦᠷ ᠤᠨ ᠰᠡᠳᠦᠪ ᠡᠴᠡ ᠭᠠᠷᠲᠠᠵᠤ ᠦᠨᠳᠦᠰᠦᠨ ᠣᠨᠴᠠᠯᠢᠭ ᠢ ᠨᠢ ᠰᠤᠳᠤᠯᠤᠭᠠᠳ ᠬᠡᠯᠡᠨ ᠤ ᠠᠯᠠᠭᠰᠢᠯ᠂ ᠦᠢᠯᠡᠳᠪᠦᠷᠢᠯᠡᠯ ᠤᠨ ᠪᠤᠰᠤ ᠬᠡᠯᠪᠡᠷᠢ ᠶᠢᠨ ᠬᠡᠷᠡᠭᠴᠡᠭᠡᠨ ᠤ ᠬᠠᠩᠭᠠᠯᠲᠠ ᠪᠤᠯᠤᠨ ᠤᠷᠠᠯᠢᠭᠴᠢᠨ ᠼ ᠰᠡᠳᠬᠢᠬᠦᠢ ᠲᠠᠢ ᠮᠠᠢᠮᠠᠢᠴᠢᠳ ᠤᠨ ᠠᠮᠢᠳᠤᠷᠠᠯ ᠢ ᠪᠢᠴᠢᠭᠰᠡᠨ ᠨᠢ ᠲᠤᠰ ᠰᠡᠳᠦᠪ ᠤᠨ ᠷᠤᠮᠠᠨ ᠤ ᠢᠯᠭᠠᠭᠳᠠᠮ ᠠ ᠣᠨᠴᠠᠯᠢᠭ ᠪᠤᠯᠤᠨ᠎ᠠ ᠭᠡᠵᠦ ᠦᠵᠡᠪᠡ᠃ ᠵᠠᠬ ᠠ ᠲᠡᠯᠭᠡᠭᠦᠷ ᠤᠨ ᠰᠡᠳᠦᠪᠲᠦ ᠷᠤᠮᠠᠨ ᠤ ᠰᠣᠳᠤᠯᠤᠯ ᠡᠴᠡ ᠠᠳᠠᠯᠢ ᠰᠡᠳᠦᠪᠲᠦ ᠵᠣᠬᠢᠶᠠᠯ ᠤᠳ ᠨᠢ ᠮᠣᠩᠭᠤᠯ ᠬᠡᠯᠡᠨ ᠤ ᠦᠭᠡᠰ ᠤᠨ ᠰᠠᠩ ᠳ᠋ᠤ ᠰᠢᠨ᠎ᠠ ᠬᠤᠪᠢᠷᠠᠯᠲᠠ ᠠᠪᠴᠢᠷᠠᠵᠤ ᠪᠠᠢᠭ᠎ᠠ ᠵᠢ ᠡᠵᠡᠯᠡᠵᠦ ᠬᠠᠷᠠᠳᠠᠭ ᠪᠦᠭᠡᠳ ᠷᠤᠮᠠᠨ ᠳ᠋ᠦ ᠬᠢ ᠮᠣᠩᠭᠤᠯ ᠮᠠᠢᠮᠠᠢᠴᠢᠳ ᠤᠨ ᠵᠠᠬ᠎ᠠ ᠲᠡᠯᠭᠡᠭᠦᠷ ᠤᠨ ᠦᠢᠯᠡᠳᠦᠯᠭᠡ ᠨᠢ ᠡᠬᠢᠯᠡᠯᠲᠡ ᠶᠢᠨ ᠱᠠᠳᠤᠨ ᠳ᠋ᠤ ᠪᠠᠨ ᠤᠷᠤᠰᠢᠭᠰᠠᠭᠠᠷ᠂ ᠵᠠᠬ ᠠ ᠲᠡᠯᠭᠡᠭᠦᠷ ᠤᠨ ᠤᠬᠠᠮᠰᠠᠷ ᠢ ᠬᠠᠷᠠᠬᠠᠨ ᠪᠤᠯᠪᠠᠰᠤᠷᠠᠩᠭᠤᠢ ᠪᠤᠰᠤ ᠪᠠᠢᠵᠤ᠂ᠵᠢᠩᠬᠢᠨᠢ ᠮᠠᠢᠮᠠᠢᠴᠢᠨ ᠤ ᠲᠦᠷᠢ ᠪᠤᠯᠵᠤ ᠴᠢᠳᠠᠭᠠᠳᠤᠢ ᠭᠡᠳᠡᠭ ᠢ ᠮᠡᠳᠡᠵᠦ ᠪᠤᠯᠤᠨ᠎ᠠ ᠭᠡᠵᠦ ᠦᠵᠡᠪᠡ᠃ |
Original Literature |
View Original Paper
|
出自 |
内蒙古社会科学(蒙文版)
2017年
第5期
|