Paper Information


Title 《ᠰᠢᠩᠭᠡᠭᠡᠯᠲᠡ ᠶᠢᠨ ᠰᠡᠭᠦᠯ ᠦᠨ ᠠᠮᠲᠠ》 ᠡᠭᠦᠰᠬᠦ ᠶᠢᠨ ᠭᠦᠨ ᠤᠬᠠᠭ᠋ᠠᠨ ᠤ ᠦᠨᠳᠦᠰᠦᠯᠡᠯ
Creator ᠪᠤᠶᠠᠨᠲᠤ; ᠵᠤᠤ ᠪᠠᠢ ᠰᠦᠢ
Keyword
Abstract ᠮᠣᠩᠭᠤᠯ ᠠᠨ᠋ᠠᠭ᠋ᠠᠬᠤ ᠤᠬᠠᠭ᠋ᠠᠨ ᠤ ᠣᠨ᠋ᠣᠯ ᠤᠨ ᠰᠢᠰᠲ᠋ᠧᠮ ᠳᠡᠬᠢ ᠡᠮ ᠪᠤᠶᠤ ᠢᠳᠡᠭᠡᠨ ᠦ ᠴᠢᠳᠠᠯ ᠡᠷᠳᠡᠮ ᠢ ᠲᠤᠳᠤᠷᠬᠠᠢᠯᠠᠬᠤ ᠪᠠ ᠡᠮ ᠢ ᠠᠮᠲᠠ ᠪᠠᠷ ᠨᠠᠢᠷᠠᠭ᠋ᠤᠯᠬᠤ ᠳᠤ ᠬᠡᠷᠡᠭᠯᠡᠭᠳᠡᠳᠡᠭ ᠰᠢᠩᠭᠡᠭᠡᠯᠲᠡ ᠶᠢᠨ ᠰᠡᠭᠦᠯ ᠦᠨ ᠠᠮᠲᠠ ᠶᠢᠨ ᠲᠤᠬᠠᠢ ᠤᠯᠠᠮᠵᠢᠯᠠᠯᠲᠤ ᠣᠨ᠋ᠣᠯ ᠢ ᠨᠢᠭᠲᠠᠯᠠᠨ ᠰᠢᠨᠵᠢᠯᠡᠪᠡ᠃ ᠡᠭᠦᠨ ᠳᠦ ᠡᠨ᠋ᠡᠬᠦ ᠣᠨ᠋ᠣᠯ ᠤᠨ ᠭᠦᠨ ᠤᠬᠠᠭ᠋ᠠᠨ ᠤ ᠦᠨᠳᠦᠰᠦᠯᠡᠯ ᠪᠤᠯᠤᠭᠰᠠᠨ ᠲᠠᠪᠤᠨ ᠮᠠᠬᠠᠤᠳ ᠤᠨ ᠰᠤᠷᠭ᠋ᠠᠯ ᠳᠤ ᠵᠠᠳᠠᠯᠤᠯᠲᠠ ᠬᠢᠵᠦ᠂ ᠲᠠᠪᠤᠨ ᠮᠠᠬᠠᠪᠤᠳ ᠤᠨ ᠬᠤᠭ᠋ᠤᠷᠤᠨᠳᠤᠬᠢ ᠡᠰᠡᠷᠭᠦᠴᠡᠯᠳᠦᠨ ᠨᠢᠭᠡᠳᠬᠦ ᠵᠢᠮ᠎ᠡ ᠶᠤᠰᠤ ᠶᠢ ᠰᠢᠨᠵᠢᠯᠡᠨ ᠲᠠᠨ᠋ᠢᠯᠴᠠᠭ᠋ᠤᠯᠤᠭᠰᠠᠨ ᠤ ᠰᠠᠭ᠋ᠤᠷᠢᠨ ᠳᠡᠭᠡᠷ᠎ᠡ᠂ ᠬᠤᠳᠤᠭ᠋ᠤᠳᠤᠨ ᠳᠤ ᠡᠭᠦᠰᠦᠭᠰᠡᠨ ᠭᠤᠷᠪᠠᠨ ᠢᠯᠴᠢ ᠶᠢ ᠳᠠᠭ᠋ᠠᠭᠰᠠᠨ ᠰᠢᠩᠭᠡᠯᠲᠡ᠂ ᠵᠢᠷᠭ᠋ᠤᠭ᠋ᠠᠨ ᠠᠮᠲᠠ ᠨᠢᠭᠡᠪᠦᠷᠢ ᠶᠢ ᠪᠠᠷᠢᠮᠲᠠᠯᠠᠭᠰᠠᠨ ᠰᠢᠩᠭᠡᠯᠲᠡ᠂ ᠡᠮ ᠦᠨ ᠦᠪᠡᠷᠮᠢᠴᠡ ᠬᠦᠴᠦᠨ ᠡᠴᠡ ᠪᠤᠯᠤᠭᠰᠠᠨ ᠰᠢᠩᠭᠡᠭᠡᠯᠲᠡ ᠬᠡᠮᠡᠬᠦ ᠣᠨ᠋ᠣᠯ ᠳᠤ ᠬᠤᠪᠢᠰᠤᠩ᠋ᠭᠤᠢ ᠵᠠᠳᠠᠯᠤᠯᠲᠠ ᠬᠢᠬᠦ ᠪᠡᠷ ᠳᠠᠮᠵᠢᠨ᠂ ᠲᠡᠳᠡᠭᠡᠷ ᠣᠨ᠋ᠣᠯ ᠤᠨ ᠳᠤᠳᠠᠭᠳᠠᠯ ᠲᠠᠢ ᠲᠠᠯ᠎ᠠ ᠪᠤᠶᠤ ᠪᠤᠷᠤᠭ᠋ᠤ ᠨᠤᠲᠠᠯᠠᠯ ᠢ ᠨᠢ ᠵᠢᠭ᠋ᠠᠨ ᠭᠠᠷᠭ᠋ᠠᠵᠠᠢ᠃ ᠡᠭᠦᠨ ᠦ ᠬᠠᠮᠲᠤ᠂ ᠣᠳᠤᠨ ᠵᠢᠷᠤᠬᠠᠢ ᠶᠢᠨ ᠲᠠᠪᠤᠨ ᠮᠠᠬᠠᠪᠤᠳ ᠤᠨ ᠬᠤᠭ᠋ᠤᠷᠤᠨᠳᠤᠬᠢ ᠡᠰᠡᠷᠭᠦᠴᠡᠯᠳᠦᠨ ᠨᠢᠭᠡᠳᠬᠦ ᠬᠠᠷᠢᠴᠠᠭ᠎ᠠ ᠪᠤᠯᠤᠨ ᠡᠮ ᠦᠨ ᠡᠷᠳᠡᠮ ᠦᠳ ᠦᠨ ᠬᠤᠭ᠋ᠤᠷᠤᠨᠳᠤᠬᠢ ᠵᠦᠷᠢᠴᠡᠯᠲᠦ ᠴᠢᠨ᠋ᠠᠷ ᠢ ᠦᠨᠳᠦᠰᠦᠯᠡᠵᠦ᠂ ᠡᠮ ᠪᠡ ᠢᠳᠡᠭᠡᠨ ᠦ ᠵᠢᠷᠭ᠋ᠤᠭ᠋ᠠᠨ ᠠᠮᠲᠠ ᠨᠢ ᠶᠡᠷᠦᠩᠬᠡᠢ ᠳᠡᠭᠡᠨ ᠴᠦᠮ ᠲᠤᠰ ᠲᠤᠰ ᠤᠨ ᠤᠤᠯ ᠠᠮᠲᠠ ᠪᠠᠷ ᠢᠶᠠᠨ ᠪᠡᠶ᠎ᠡ ᠳᠦ ᠰᠢᠩᠭᠡᠬᠦ ᠪᠦᠭᠡᠳ ᠵᠠᠷᠢᠮ ᠡᠮ ᠪᠡ ᠢᠳᠡᠭᠡᠨ ᠨᠢ ᠦᠪᠡᠷᠮᠢᠴᠡ ᠡᠷᠳᠡᠮ ᠢᠶᠡᠷ ᠢᠶᠡᠨ ᠰᠢᠩᠭᠡᠬᠦ ᠶᠤᠰᠤᠲᠠᠢ ᠭᠡᠳᠡᠭ ᠦᠵᠡᠯᠲᠡ ᠶᠢ ᠳᠤᠷᠠᠳᠤᠨ ᠭᠠᠷᠭ᠋ᠠᠵᠠᠢ᠃
Original Literature No Original Paper
出自 内蒙古民族大学学报(自然科学) 2001年 第1期

联系我们


内蒙古大学图书馆
呼和浩特市大学西路235号
中国·内蒙古
P: (0471) 4992561
E: huangfeilong@imu.edu.cn