Abstract |
ᠲᠤᠰ ᠦᠭᠦᠯᠡᠯ ᠳᠤ 2001-2012ᠣᠨ ᠤ ᠭᠤᠭᠤᠷᠤᠨᠳᠤ ᠦᠨᠢᠷ ᠴᠡᠴᠡᠭ ᠰᠡᠳᠭᠦᠯ ᠲᠡᠭᠡᠷ ᠡ ᠨᠢᠡᠡᠲᠡᠯᠡᠭᠰᠡᠨ ᠳ᠂ ᠪᠠᠲᠤᠨᠠᠰᠤᠨ ᠤ ᠲᠤᠭᠤᠵᠢᠰ ᠤᠨ ᠤᠷᠠᠯᠢᠭ ᠤᠨ ᠤᠨᠴᠠᠯᠢᠭ ᠢ ᠰᠢᠨᠵᠢᠯᠡᠭᠰᠡᠨ ᠪᠠᠢᠢᠨ᠌ ᠠ᠃ ᠲᠡᠭᠡᠬᠦ ᠳ᠋ᠡᠭᠡᠨ ᠬᠦᠮᠦᠨᠯᠢᠭ ᠪᠠᠢᠢᠭᠠᠯᠢ ᠶᠢᠨ ᠵᠢᠷᠤᠭᠯᠠᠯ᠂ ᠤᠷᠠᠨ ᠲᠦᠷᠢ ᠶᠢᠨ ᠤᠶᠣᠨ ᠤᠬᠠᠭᠠᠨ ᠤ ᠶᠢᠷᠲᠢᠨᠴᠦ᠂ ᠦᠯᠢᠭᠡᠷ ᠵᠣᠬᠢᠶᠠᠮᠵᠢᠯᠠᠯ ᠤᠨ ᠰᠤᠯᠤᠩᠭ᠋ᠠᠨ ᠰᠠᠴᠤᠷᠠᠭ᠂ ᠬᠡᠯᠡᠨ ᠤ ᠤᠷᠠᠯᠢᠭ ᠤᠨ ᠭᠤᠤ ᠠ ᠰᠠᠢᠢᠬᠠᠨ ᠵᠡᠷᠭᠡ ᠲᠦᠷᠪᠡᠨ ᠲᠠᠯ ᠠ ᠡᠴᠡ ᠰᠣᠳᠤᠯᠤᠨ ᠰᠢᠨᠵᠢᠯᠡᠵᠦ᠂ ᠵᠣᠬᠢᠶᠠᠭᠴᠢ ᠪᠣᠯ ᠨᠡᠯᠢᠶᠡᠳ ᠪᠣᠯᠪᠠᠰᠤᠷᠠᠩᠭ᠋ᠤᠢ ᠲᠤᠭᠤᠵᠢᠰ ᠤᠨ ᠤᠷᠠᠯᠢᠭ ᠤᠨ ᠮᠡᠷᠭᠡᠰᠢᠯ ᠢ ᠡᠵᠡᠮᠰᠢᠵᠤ᠂ ᠦᠪᠡᠷ ᠤᠨ ᠬᠡᠪ ᠨᠠᠮᠪᠠ ᠪᠦᠬᠦᠢ ᠵᠣᠬᠢᠶᠠᠯᠴᠢ ᠪᠣᠯᠵᠤ ᠪᠠᠢᠢᠨ᠌ ᠠ ᠭᠡᠳᠡᠭ ᠢ ᠨᠠᠲᠠᠯᠠᠬ ᠶᠢᠨ ᠬᠠᠮᠲᠤ ᠪᠠᠰᠠ ᠬᠦᠷᠦᠯᠴᠡᠬᠦ ᠦᠭᠡᠢ ᠲᠠᠠᠯ ᠠ ᠵᠢ ᠲᠤᠷᠠᠳᠤᠨ ᠰᠠᠢᠢᠵᠢᠷᠠᠭᠤᠯᠬᠤ ᠰᠠᠨᠠᠯ ᠵᠦᠪᠯᠡᠯᠭᠡ ᠦᠭᠦᠭ᠍ᠰᠡᠨ ᠪᠠᠢᠢᠨ᠌ ᠠ᠃ |