Title |
ᠭᠤᠷᠯᠤᠰ ᠠᠮᠠᠨ ᠶᠠᠷᠢᠶᠠᠨ ᠤ ᠦᠭᠡ ᠶᠢᠨ ᠡᠬᠢᠨ ᠦ ᠦᠶ᠎ᠡ ᠶᠢᠨ ᠪᠤᠭᠤᠨᠢ ᠡᠭᠡᠰᠢᠭ᠌ ᠦᠨ ᠳᠠᠭᠤᠨ ᠤ ᠤᠬᠠᠭᠠᠨ ᠤ ᠵᠠᠳᠠᠯᠤᠯᠲᠠ |
Creator |
ᠨᠠᠷᠠᠩ᠋ᠭᠤᠤᠠ |
Keyword |
ᠭᠤᠷᠯᠤᠰ ᠠᠮᠠᠨ ᠶᠠᠷᠢᠶ᠎ᠠ; ᠦᠭᠡ ᠶᠢᠨ ᠡᠬᠢᠨ ᠦ ᠦᠶ᠎ᠡ ᠶᠢᠨ ᠪᠤᠭᠤᠨᠢ ᠡᠭᠡᠰᠢᠭ᠌; ᠳᠠᠭᠤᠨ ᠤ ᠤᠬᠠᠭᠠᠨ ᠤ ᠵᠠᠳᠠᠯᠤᠯᠲᠠ |
Abstract |
ᠲᠤᠰ ᠦᠭᠦᠯᠡᠯ ᠳᠦ ᠲᠤᠷᠰᠢᠯᠲᠠ ᠶᠢᠨ ᠠᠪᠢᠶᠠᠨ ᠵᠦᠢ ᠶᠢᠨ ᠳᠠᠭᠤᠨ ᠤ ᠤᠬᠠᠭᠠᠨ ᠤ ᠠᠷᠭ᠎ᠠ ᠪᠠᠷ ᠭᠤᠷᠯᠤᠰ ᠠᠮᠠᠨ ᠶᠠᠷᠢᠶᠠᠨ ᠤ ᠦᠭᠡ ᠶᠢᠨ ᠡᠬᠢᠨ ᠦ ᠦᠶ᠎ᠡ ᠶᠢᠨ ᠪᠤᠭᠤᠨᠢ ᠡᠭᠡᠰᠢᠭ᠌ ᠲᠦ ᠵᠠᠳᠠᠯᠤᠯᠲᠠ ᠬᠢᠬᠦ ᠪᠡᠷ ᠳᠠᠮᠵᠢᠨ ᠭᠤᠷᠯᠤᠰ ᠠᠮᠠᠨ ᠶᠠᠷᠢᠶᠠᠨ ᠤ ᠦᠭᠡ ᠶᠢᠨ ᠡᠬᠢᠨ ᠦ ᠦᠶ᠎ᠡ ᠳᠦ [A][ə][i][ɔ][ʊ][u][ε][oe] ᠵᠡᠷᠭᠡ ᠨᠠᠢᠮᠠᠨ ᠪᠤᠭᠤᠨᠢ ᠡᠭᠡᠰᠢᠭ᠌ ᠲᠡᠢ᠂ [A] - ᠬᠡᠯᠡᠨ ᠦ ᠳᠤᠮᠳᠠᠭᠤᠷᠬᠢ᠂ ᠲᠡᠳ᠋ ᠠᠭᠤᠤ᠂ ᠤᠷᠤᠭᠤᠯ ᠤᠨ ᠪᠤᠰᠤ ᠡᠭᠡᠰᠢᠭ᠌᠂ [ə]- ᠬᠡᠯᠡᠨ ᠦ ᠳᠤᠮᠳᠠᠭᠤᠷᠬᠢ᠂ ᠣᠢ᠌ᠳᠠᠨ ᠳᠤᠮᠳᠠ᠂ ᠤᠷᠤᠭᠤᠯ ᠤᠨ ᠪᠤᠰᠤ ᠡᠭᠡᠰᠢᠭ᠌᠂ [i]- ᠬᠡᠯᠡᠨ ᠦ ᠤᠷᠳᠤᠭᠤᠷᠬᠢ᠂ ᠣᠢ᠌ᠳᠠᠨ᠂ ᠤᠷᠤᠭᠤᠯ ᠤᠨ ᠪᠤᠰᠤ ᠡᠭᠡᠰᠢᠭ᠌᠂ [ʊ]- ᠬᠡᠯᠡᠨ ᠦ ᠬᠤᠢ᠌ᠭᠤᠷᠬᠢ᠂ ᠳᠤᠮᠳᠠ᠂ ᠤᠷᠤᠭᠤᠯ ᠤᠨ ᠡᠭᠡᠰᠢᠭ᠌᠂ [u]- ᠬᠡᠯᠡᠨ ᠦ ᠬᠤᠢ᠌ᠭᠤᠷᠬᠢ᠂ ᠣᠢ᠌ᠳᠠᠨ᠂ ᠤᠷᠤᠭᠤᠯ ᠤᠨ ᠡᠭᠡᠰᠢᠭ᠌᠂ [ε]- ᠬᠡᠯᠡᠨ ᠦ ᠤᠷᠳᠤᠭᠤᠷᠬᠢ᠂ ᠣᠢ᠌ᠳᠠᠨ ᠳᠤᠮᠳᠠ᠂ ᠤᠷᠤᠭᠤᠯ ᠤᠨ ᠪᠤᠰᠤ ᠡᠭᠡᠰᠢᠭ᠌᠂ [oe]- ᠬᠡᠯᠡᠨ ᠦ ᠤᠷᠳᠤᠭᠤᠷᠬᠢ᠂ ᠣᠢ᠌ᠳᠠᠨ ᠳᠤᠮᠳᠠ᠂ ᠤᠷᠤᠭᠤᠯ ᠤᠨ ᠡᠭᠡᠰᠢᠭ᠌᠃ ᠲᠤᠷᠰᠢᠯᠲᠠ ᠶᠢᠨ ᠳ᠋ᠦᠩ ᠢ ᠪᠠᠭᠠᠷᠢᠨ᠂ ᠬᠤᠷᠴᠢᠨ ᠠᠮᠠᠨ ᠠᠶᠠᠯᠭᠤᠨ ᠤ ᠦᠭᠡ ᠶᠢᠨ ᠡᠬᠢᠨ ᠦ ᠦᠶ᠎ᠡ ᠶᠢᠨ ᠪᠤᠭᠤᠨᠢ ᠡᠭᠡᠰᠢᠭ᠌ ᠲᠡᠢ ᠬᠠᠷᠢᠴᠠᠭᠤᠯᠬᠤ ᠪᠠᠷ ᠳᠠᠮᠵᠨ ᠭᠤᠷᠯᠤᠰ ᠠᠮᠠᠨ ᠶᠠᠷᠢᠶᠠᠨ ᠤ [A][ɔ][ʊ][u] ᠨᠢ ᠬᠡᠯᠡᠨ ᠦ ᠪᠠᠢ᠌ᠷᠢ ᠪᠠᠷ ᠢᠶᠠᠨ ᠪᠠᠭᠠᠷᠢᠨ ᠬᠤᠷᠴᠢᠨ ᠤ ᠬᠠᠷᠠᠭᠠᠯᠵᠠᠭᠰᠠᠨ ᠡᠭᠡᠰᠢᠭ᠌ ᠡᠴᠡ ᠬᠤᠢ᠌ᠭᠤᠷ᠂ ᠠᠮᠠᠨ ᠤ ᠨᠡᠭᠡᠭᠡᠯᠲᠡ ᠶᠢᠨ ᠲᠠᠯ᠎ᠠ ᠪᠠᠷ [ə][ɔ][ʊ][u][ε] ᠡᠭᠡᠰᠢᠭ᠌ ᠦᠨ ᠠᠮᠠᠨ ᠤ ᠨᠡᠭᠡᠭᠡᠯᠲᠡ ᠨᠢ ᠪᠠᠭᠠᠷᠢᠨ ᠤ ᠬᠠᠷᠠᠭᠠᠯᠵᠠᠭᠰᠠᠨ ᠡᠭᠡᠰᠢᠭ᠌ ᠡᠴᠡ ᠣᠢ᠌ᠳᠠᠨ᠂ ᠬᠤᠷᠴᠢᠨ ᠤ ᠬᠠᠷᠠᠭᠠᠯᠵᠠᠭᠰᠠᠨ ᠡᠭᠡᠰᠢᠭ᠌ ᠡᠴᠡ ᠠᠭᠤᠤ ᠪᠤᠯᠬᠤ ᠶᠢ ᠣᠯᠵᠤ ᠮᠡᠳᠡᠵᠡᠢ᠃ |
Original Literature |
View Original Paper
|
出自 |
内蒙古大学学报
2012年
第2期
|