Paper Information


Title ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ ᠮᠠᠨᠵᠤᠨᠠᠷ ᠤᠨ ᠥᠬᠢᠨ ᠠᠰᠠᠭᠤᠬᠤ ᠵᠠᠩ ᠦᠢᠯᠡ ᠶᠢᠨ ᠰᠤᠳᠤᠯᠤᠯ
Creator ᠰᠢᠶᠤᠤ ᠴᠦᠨ
Keyword ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ; ᠮᠠᠨᠵᠤ ᠦᠨᠳᠦᠰᠦᠲᠡᠨ; ᠤᠷᠤᠭ ᠬᠤᠷᠢᠮ ᠤᠨ ᠵᠠᠩᠰᠢᠯ; ᠥᠬᠢᠨ ᠠᠰᠠᠭᠤᠬᠤ ᠶᠤᠰᠤᠨ
Abstract ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ ᠮᠠᠨᠵᠤᠲ᠋ᠦ᠋ᠨ᠂ ᠤᠯᠠᠭᠠᠨᠮᠤᠳᠤ᠂ ᠦᠪᠤᠷᠵᠢᠯᠭ᠎ᠠ ᠵᠡᠷᠭᠡ ᠭᠠᠵᠠᠷ ᠲᠤ ᠨᠢᠭᠡ ᠪᠦᠯᠦᠭ ᠮᠠᠨᠵᠤ ᠦᠨᠳᠦᠰᠦᠲᠡᠨ ᠨᠤᠲᠤᠭᠰᠢᠨ ᠰᠠᠭᠤᠷᠢᠰᠢᠵᠤ ᠪᠠᠢ᠌ᠳᠠᠭ᠃ ᠡᠨᠳᠡᠬᠢ ᠮᠠᠨᠵᠤ ᠦᠨᠳᠦᠰᠦᠲᠡᠨ ᠪᠤᠯ ᠴᠢᠩ ᠤᠯᠤᠰ ᠤᠨ ᠶᠠᠪᠤᠭᠤᠯᠤᠭᠰᠠᠨ ᠤᠯᠤᠰ ᠲᠦᠷᠦ ᠶᠢᠨ ᠤᠷᠤᠭ ᠤᠨ ᠲᠦᠷᠦ ᠶᠢᠨ ᠪᠤᠳᠤᠯᠭ᠎ᠠ ᠪᠠᠷ ᠮᠣᠩ᠋ᠭᠤᠯ ᠣᠷᠤᠨ ᠳᠤ ᠦᠭ᠍ᠭᠦᠭ᠍ᠰᠡᠨ ᠭᠦᠩᠵᠦ ᠭᠡᠭᠡ ᠨᠠᠷ ᠤᠨ ᠳᠠᠭᠠᠭᠤᠯᠵᠤ ᠢᠷᠡᠭᠰᠡᠨ ᠢᠨᠵᠢ ᠶᠢᠨ ᠬᠤᠢ᠌ᠴᠢᠰ ᠪᠤᠯᠤᠨ᠎ᠠ᠃ ᠮᠠᠨᠵᠤᠨᠠᠷ ᠬᠦᠦ ᠳᠦ ᠪᠡᠨ ᠪᠡᠷᠢ ᠭᠤᠶᠤᠬᠤ ᠳᠤ ᠪᠠᠨ ᠵᠠᠭᠤᠴᠢ ᠬᠡᠷᠡᠭᠰᠡᠳᠡᠭ ᠦᠭᠡᠢ᠂ ᠬᠦᠦ ᠶᠢᠨ ᠲᠠᠯ᠎ᠠ ᠶᠢᠨ ᠠᠪᠤ ᠨᠢ ᠣᠴᠢᠵᠤ ᠬᠡᠦᠬᠡᠨ ᠦ ᠡᠵᠢ ᠠᠪᠤ ᠲᠠᠢ ᠰᠢᠭᠤᠳ ᠶᠠᠷᠢᠯᠴᠠᠨ ᠥᠬᠢᠨ ᠦ ᠳᠤᠷ᠎ᠠ ᠬᠦᠰᠡᠯ ᠢ ᠠᠰᠠᠭᠤᠯᠭᠠᠳᠠᠭ ᠃ ᠡᠨᠡ ᠬᠦ ᠬᠦᠦ ᠥᠬᠢᠨ ᠦ ᠤᠷᠤᠭ ᠬᠤᠷᠢᠮ ᠤᠨ ᠤᠴᠢᠷ ᠢ ᠠᠪᠤ ᠡᠵᠢ ᠪᠡᠶᠡᠴᠢᠯᠡᠨ ᠠᠰᠠᠭᠤᠬᠤ ᠶᠠᠪᠤᠳᠠᠯ ᠮᠠᠨᠵᠤ ᠮᠣᠩ᠋ᠭᠤᠯ ᠦᠨᠳᠦᠰᠦᠲᠡᠨ ᠦ ᠳᠤᠮᠳᠠ ᠤᠷᠲᠤ ᠤᠳᠠᠭᠠᠨ ᠲᠡᠦᠬᠡ ᠲᠡᠢ ᠪᠤᠯᠤᠭᠰᠠᠨ ᠪᠤᠯᠪᠠᠴᠤ ᠬᠤᠷᠴᠢᠨ ᠪᠠᠷᠠᠭᠤᠨ ᠭᠠᠷᠤᠨ ᠬᠤᠰᠢᠭᠤᠨ ᠤ ᠮᠠᠨᠵᠤᠨᠠᠷ ᠠᠴᠠ ᠪᠤᠰᠤᠳ ᠬᠤᠷᠴᠢᠨ ᠤ ᠮᠣᠩ᠋ᠭᠤᠯᠴᠤᠳ ᠪᠠ ᠪᠤᠰᠤᠳ ᠭᠠᠵᠠᠷ ᠣᠷᠤᠨ ᠤ ᠮᠠᠨᠵᠤ ᠦᠨᠳᠦᠰᠦᠲᠡᠨ ᠦ ᠳᠤᠮᠳᠠ ᠠᠷᠠᠢ ᠦᠯᠡᠳᠡᠭᠳᠡᠭᠰᠡᠨ ᠦᠭᠡᠢ ᠬᠠᠷᠢᠨ ᠮᠠᠨᠵᠤᠨᠠᠷ ᠤᠨ ᠳᠤᠮᠳᠠ ᠯᠠ ᠦᠯᠡᠳᠡᠭᠳᠡᠵᠦ ᠢᠷᠡᠭᠰᠡᠨ ᠨᠢ ᠰᠤᠳᠤᠯᠤᠭᠤᠰᠢᠲᠠᠢ ᠶᠤᠮ᠃ ᠲᠡᠭᠦᠨ ᠦ ᠭᠤᠤᠯ ᠰᠢᠯᠲᠠᠭᠠᠨ ᠨᠢ ᠨᠢᠭᠡ ᠲᠠᠯ᠎ᠠ ᠪᠠᠷ ᠡᠨᠳᠡᠬᠢ ᠮᠠᠨᠵᠤᠨᠠᠷ ᠪᠤᠯ ᠮᠠᠨᠵᠤ ᠶᠢᠨ ᠭᠦᠩᠵᠦ ᠶᠢ ᠳᠠᠭᠠᠯᠳᠤᠵᠤ ᠢᠷᠡᠭᠰᠡᠨ ᠢᠨᠵᠢ ᠶᠢᠨ ᠬᠤᠪᠢ ᠪᠠᠷ ᠣᠨᠴᠠᠭᠠᠢ ᠪᠠᠢ᠌ᠷᠢ ᠰᠠᠭᠤᠷᠢ ᠲᠠᠢ᠃ ᠨᠦᠬᠦᠭᠡ ᠲᠠᠯ᠎ᠠ ᠪᠠᠷ ᠲᠡᠳᠡ ᠣᠳᠣ ᠪᠤᠯᠲᠠᠯ᠎ᠠ ᠨᠡᠭᠦᠳᠡᠯ ᠮᠠᠯᠵᠢᠯ ᠤᠨ ᠠᠵᠤ ᠠᠬᠤᠢ ᠶᠢᠨ ᠰᠠᠭᠤᠷᠢ ᠪᠠᠨ ᠠᠯᠳᠠᠭ᠎ᠠ ᠦᠭᠡᠢ ᠲᠤᠯᠠ ᠮᠣᠩ᠋ᠭᠤᠯ ᠤᠨ ᠤᠯᠠᠮᠵᠢᠯᠠᠯᠲᠤ ᠰᠤᠶᠤᠯ ᠢ ᠨᠡᠩ ᠭᠦᠨ ᠬᠠᠳᠠᠭᠠᠯᠠᠵᠤ ᠢᠷᠡᠭᠰᠡᠨ ᠲᠡᠢ ᠬᠤᠯᠪᠤᠭ᠎ᠠ ᠲᠠᠢ ᠶᠤᠮ᠃
Original Literature View Original Paper
出自 西部蒙古论坛 2012年 第2期

联系我们


内蒙古大学图书馆
呼和浩特市大学西路235号
中国·内蒙古
P: (0471) 4992561
E: huangfeilong@imu.edu.cn