Paper Information


Title ᠵᠤᠬᠢᠰᠲᠤ ᠠᠶᠠᠯᠭᠤᠨ ᠤ ᠭᠡᠮ ᠦᠨ ᠤᠨᠤᠯ (ᠨᠢᠭᠡ)
Creator ᠱᠤ ᠯᠢᠨ
Keyword ᠮᠤᠨᠭᠭᠤᠯ ᠡᠷᠳᠡᠮᠲᠡᠳ; ᠵᠤᠬᠢᠰᠲᠤ ᠠᠶᠠᠯᠭᠤᠨ ᠤ ᠭᠡᠮ; ᠤᠨᠤᠯ ᠦᠵᠡᠯᠲᠡ; ᠰᠢᠨ᠎ᠡ ᠲᠤᠮᠢᠶᠠᠯᠠᠯ
Abstract ᠵᠤᠬᠢᠰᠲᠤ ᠶᠠᠯᠠᠭᠤᠨ ᠤ ᠭᠡᠮ ᠦᠨ ᠤᠨᠤᠯ ᠪᠤᠯ ᠡᠨᠡᠳᠬᠡᠭ᠌ ᠦᠨ ᠡᠷᠲᠡᠨ ᠦ ᠤᠳᠬ᠎ᠠ ᠵᠤᠬᠢᠶᠠᠯ ᠤᠨ ᠤᠨᠤᠯᠴᠢ ᠲᠠᠨᠳᠢᠨ ᠤ ᠤᠨᠤᠯ ᠤᠨ ᠲᠤᠭᠲᠠᠯᠴᠠᠭᠠᠨ ᠤ ᠴᠢᠬᠤᠯᠠ ᠪᠦᠷᠢᠯᠳᠦᠭᠦᠨ ᠬᠡᠰᠡᠭ ᠨᠢ ᠪᠤᠯᠤᠨ᠎ᠠ᠃ ᠮᠤᠨᠭᠭᠤᠯ ᠤᠨ ᠯᠠᠮᠠ ᠡᠷᠳᠡᠮᠲᠡᠳ ᠡᠴᠡ 《ᠵᠤᠬᠢᠰᠲᠤ ᠠᠶᠠᠯᠭᠤ ᠶᠢᠨ ᠲᠤᠯᠢ》᠋ᠶᠢ ᠰᠤᠳᠤᠯᠤᠨ ᠲᠠᠶᠢᠯᠪᠤᠷᠢᠯᠠᠬᠤ ᠶᠠᠪᠤᠴᠠ ᠳᠤ ᠲᠤᠰ ᠭᠡᠮ ᠦᠨ ᠤᠨᠤᠯ ᠢ ᠤᠯᠠᠮ ᠢᠶᠠᠷ ᠪᠠᠶᠠᠯᠢᠭᠵᠢᠭᠤᠯᠤᠨ ᠬᠦᠭ᠍ᠵᠢᠭᠦᠯᠵᠦ ᠦᠪᠡᠷ ᠦᠨ ᠤᠨᠴᠠᠯᠢᠭᠲᠤ ᠵᠤᠬᠢᠰᠲᠤ ᠠᠶᠠᠯᠭᠤᠨ ᠤ ᠭᠡᠮ ᠦᠨ ᠤᠨᠤᠯ ᠢᠶᠠᠨ ᠴᠤᠭᠴᠠᠯᠠᠭᠰᠠᠨ ᠶᠤᠮ᠃ ᠲᠤᠰ ᠦᠭᠦᠯᠡᠯ ᠳᠦ ᠮᠤᠨᠭᠭᠤᠯᠴᠤᠳ ᠤᠨ ᠵᠤᠬᠢᠰᠲᠤ ᠠᠶᠠᠯᠭᠤᠨ ᠤ ᠭᠡᠮ ᠦᠨ ᠤᠨᠤᠯ ᠳᠤ ᠠᠵᠢᠭᠯᠠᠯᠲᠠ ᠬᠢᠬᠦ ᠪᠡᠷ ᠳᠠᠮᠵᠢᠨ ᠲᠡᠳᠡᠨ ᠦ ᠪᠦᠲᠦᠭᠡᠯᠴᠢ ᠤᠨᠤᠯ ᠦᠵᠡᠯᠲᠡ ᠶᠢ ᠵᠤᠬᠢᠰᠲᠤ ᠠᠶᠠᠯᠭᠤᠨ ᠤ ᠭᠡᠮ ᠦᠨ ᠲᠤᠬᠠᠢ ᠰᠢᠨ᠎ᠡ ᠤᠨᠤᠯ ᠲᠤᠮᠢᠶᠠᠯᠠᠯ ᠭᠠᠷᠭᠠᠭᠰᠠᠨ᠂ ᠵᠤᠬᠢᠰᠲᠤ ᠠᠶᠠᠯᠭᠤᠨ ᠤ ᠭᠡᠮ ᠦᠨ ᠲᠤᠬᠠᠢ ᠦᠪᠡᠷᠮᠢᠴᠡ ᠪᠦᠲᠦᠭᠡᠯᠴᠢ ᠦᠵᠡᠯᠲᠡ ᠳᠤᠷᠠᠳᠤᠭᠰᠠᠨ᠂ ᠪᠦᠵᠢᠭ᠌ ᠦᠨ ᠶᠢᠰᠦᠨ ᠳᠦᠷᠢ ᠶᠢᠨ ᠤᠨᠤᠯ ᠦᠵᠡᠯᠲᠡ ᠴᠤᠭᠴᠠᠯᠠᠭᠰᠠᠨ ᠵᠡᠷᠭᠡ ᠭᠤᠷᠪᠠᠨ ᠲᠠᠯ᠎ᠠ ᠪᠠᠷ ᠬᠤᠷᠢᠶᠠᠩ᠋ᠭᠤᠶᠢᠯᠠᠵᠤ᠂ ᠡᠨᠡ ᠬᠦ ᠤᠨᠤᠯ ᠨᠢ ᠮᠤᠨᠭᠭᠤᠯᠴᠤᠳ ᠤᠨ ᠤᠳᠬ ᠠ ᠵᠤᠬᠢᠶᠠᠯ ᠤᠨ ᠤᠨᠤᠯ ᠤᠨ ᠦᠪ ᠢ ᠪᠠᠶᠠᠯᠢᠭᠵᠢᠭᠤᠯᠤᠭᠰᠠᠨ ᠢᠶᠠᠷ ᠦᠯᠦ ᠪᠠᠷᠠᠮ ᠳᠤᠷᠤᠨᠠᠳᠠᠬᠢᠨ ᠤ ᠤᠳᠬ᠎ᠠ ᠵᠤᠬᠢᠶᠠᠯ ᠤᠨ ᠤᠨᠤᠯ ᠤᠨ ᠪᠠᠶᠠᠯᠢᠭᠵᠢᠯ ᠬᠦᠭ᠍ᠵᠢᠯ ᠳᠦ ᠬᠤᠪᠢ ᠨᠡᠮᠡᠷᠢ ᠪᠡᠨ ᠦᠵᠡᠭᠦᠯᠪᠡ ᠭᠡᠰᠡᠨ ᠦᠵᠡᠯᠲᠡ ᠳᠡᠪᠰᠢᠭᠦᠯᠪᠡ᠃
Original Literature View Original Paper
出自 内蒙古大学学报 2010年 第4期

联系我们


内蒙古大学图书馆
呼和浩特市大学西路235号
中国·内蒙古
P: (0471) 4992561
E: huangfeilong@imu.edu.cn