Paper Information


Title ᠬᠦᠷᠢᠶ᠎ᠡ ᠬᠤᠰᠢᠭᠤ ᠶᠢ ᠮᠣᠩ᠋ᠭᠤᠯ ᠤᠨ ᠬᠠᠭᠠᠨ ᠪᠠᠭᠤᠴᠠ ᠶᠢᠨ ᠣᠷᠤᠨ ᠭᠡᠵᠦ ᠲᠤᠳᠤᠯᠠᠬᠤ ᠨᠢ
Creator ᠲᠡᠮᠦᠷ᠎ᠡ; ᠲᠤᠯᠭᠠᠨ
Keyword ᠮᠣᠩ᠋ᠭᠤᠯ ᠤᠨ ᠬᠠᠭᠠᠨ ᠣᠷᠳᠤ; ᠵᠡᠭᠦᠨᠰᠢ ᠨᠡᠭᠦᠳᠡᠯᠯᠡᠭᠰᠡᠨ; ᠬᠦᠷᠢᠶ᠎; ᠡᠯᠡᠰᠦ; ᠶᠠᠩᠰᠢᠪ ᠤᠨ ᠭᠤᠤᠯ
Abstract ᠬᠠᠮᠢᠶ᠎ᠠ ᠪᠦᠬᠦᠢ ᠲᠡᠦᠬᠡᠨ ᠮᠠᠲ᠋ᠧᠷᠢᠶᠠᠯ ᠳᠤ ᠲᠡᠮᠳᠡᠭᠯᠡᠭᠰᠡᠨ ᠢᠶᠡᠷ ᠲᠠᠶᠠᠨ ᠬᠠᠭᠠᠨ ᠪᠤᠳᠠᠷᠠᠭᠰᠠᠨ ᠮᠣᠩ᠋ᠭᠤᠯ ᠢ ᠳᠠᠬᠢᠨᠲᠠ ᠨᠢᠭᠡᠳᠭᠡᠭ᠍ᠰᠡᠨ ᠦᠶ᠎ᠡ ᠳᠦ ᠬᠠᠭᠠᠨ ᠪᠠᠭᠤᠴᠠ ᠨᠢ ᠣᠳᠣ ᠶᠢᠨ ᠰᠢᠯᠢ ᠶᠢᠨ ᠭᠤᠤᠯ ᠠᠢ᠌ᠮᠠᠭ ᠤᠨ ᠡᠮᠦᠨ᠎ᠡ ᠬᠡᠰᠡᠭ ᠲᠦ ᠪᠠᠢ᠌ᠷᠢᠰᠢᠵᠤ ᠪᠠᠢ᠌ᠵᠠᠢ᠂ ᠭᠡᠲᠡᠯ᠎ᠡ ᠲᠠᠷᠠᠢ᠌ᠰᠤᠨ ᠬᠦᠳᠡᠩ ᠬᠠᠭᠠᠨ ᠤ ᠦᠶ᠎ᠡ ᠡᠴᠡ ᠵᠡᠭᠦᠨᠰᠢ ᠨᠡᠭᠦᠳᠡᠯᠯᠡᠵᠦ ᠣᠳᠣ ᠶᠢᠨ ᠯᠢᠶᠤᠤᠨᠢᠩ ᠮᠤᠵᠢ ᠶᠢᠨ ᠪᠠᠷᠠᠭᠤᠨ ᠬᠤᠢ᠌ᠲᠤ ᠪᠡᠶ᠎ᠡ ᠪᠡᠷ ᠨᠡᠭᠦᠳᠡᠯᠯᠡᠨ ᠤᠴᠢᠭᠰᠠᠨ ᠪᠠᠢ᠌ᠨ᠎ᠠ᠃ ᠬᠠᠮᠢᠶ᠎ᠠ ᠪᠦᠬᠦᠢ ᠲᠡᠦᠬᠡᠨ ᠮᠠᠲ᠋ᠧᠷᠢᠶᠠᠯ ᠢ ᠦᠨᠳᠦᠰᠦᠯᠡᠪᠡᠯ᠂ ᠣᠳᠣ ᠶᠢᠨ ᠬᠦᠷᠢᠶ᠎ᠡ ᠬᠤᠰᠢᠭᠤᠨ ᠤ ᠭᠤᠷᠪᠠᠨ ᠭᠡᠷ ᠰᠤᠮᠤ ᠪᠠ ᠶᠠᠩᠰᠢᠪ᠂ ᠤᠯᠠᠭᠠᠨ ᠬᠤᠰᠢᠭᠤ ᠵᠡᠷᠭᠡ ᠭᠠᠵᠠᠷ ᠪᠤᠯ ᠲᠤᠬᠠᠢ ᠦᠶ᠎ᠡ ᠶᠢᠨ ᠴᠠᠬᠠᠷ ᠠᠢ᠌ᠮᠠᠭ ᠤᠨ ᠮᠠᠯᠵᠢᠯ ᠤᠨ ᠭᠠᠵᠠᠷ ᠮᠦᠨ᠂ ᠬᠦᠷᠢᠶ᠎ᠡ ᠬᠤᠰᠢᠭᠤᠨ ᠤ ᠡᠯᠡᠰᠦ᠂ ᠮᠠᠩ᠋ᠬᠠᠨ ᠨᠤᠲᠤᠭ ᠪᠤᠯ ᠬᠠᠭᠠᠨ ᠪᠠᠭᠤᠴᠠ ᠶᠢᠨ ᠣᠷᠤᠨ ᠮᠦᠨ᠃ ᠳᠠᠷᠤᠢ ᠶᠡᠬᠡ ᠬᠠᠭᠠᠨ ᠤ ᠬᠦᠷᠢᠶ᠎ᠡ ᠪᠠᠭᠤᠭᠰᠠᠨ ᠭᠠᠵᠠᠷ ᠮᠦᠨ᠃ ᠤᠮᠠᠷᠠᠲᠤ ᠶᠤᠸᠠᠨ ᠤ ᠮᠣᠩ᠋ᠭᠤᠯ ᠬᠠᠭᠠᠨ ᠲᠦᠷᠦ ᠡᠨᠳᠡ ᠨᠠᠶᠠᠨ ᠵᠢᠯ ᠣᠷᠴᠢᠮ ᠰᠠᠭᠤᠵᠠᠢ᠃
Original Literature View Original Paper
出自 蒙古学研究 2011年 第4期

联系我们


内蒙古大学图书馆
呼和浩特市大学西路235号
中国·内蒙古
P: (0471) 4992561
E: huangfeilong@imu.edu.cn