Title |
ICP-AES ᠠᠷᠭ᠎ᠠ ᠪᠠᠷ ᠦᠨᠢᠶᠡᠨ ᠰᠦᠨ ᠦ ᠬᠤᠷᠤᠳ ᠲᠠᠬᠢ ᠪᠢᠴᠢᠯ ᠡᠯᠧᠮᠧᠨ᠋ᠲ ᠦᠨ ᠠᠭᠤᠯᠤᠭᠳᠠᠴᠠ ᠶᠢ ᠬᠡᠮᠵᠢᠨ ᠲᠤᠭᠲᠠᠭᠠᠬᠤ |
Creator |
ᠨᠠᠷᠠᠨᠲᠤᠶᠠᠭ᠎ᠠ; ᠲᠤᠩᠭᠠᠯᠠᠭ |
Keyword |
ᠤᠳᠤᠮᠰᠢᠯᠲᠤ ᠠᠷᠭ᠎ᠠ; ᠦᠨᠢᠶᠡᠨ ᠰᠦᠨ ᠦ ᠬᠤᠷᠤᠳ; ᠪᠢᠴᠢᠯ ᠡᠯᠧᠮᠧᠨ᠋ᠲ ICP-AES ᠠᠷᠭ᠎ᠠ |
Abstract |
ICP-AES ᠲᠤᠷᠰᠢᠯᠲᠠ ᠶᠢᠨ ᠠᠷᠭ᠎ᠠ ᠶᠢ ᠬᠡᠷᠡᠭᠯᠡᠨ ᠦᠨᠢᠶᠡᠨ ᠰᠦᠨ ᠦ ᠬᠤᠷᠤᠳ ᠲᠠᠬᠢ ᠬᠡᠳᠦᠨ ᠵᠤᠢᠯ ᠤᠨ ᠪᠢᠴᠢᠯ ᠡᠯᠧᠮᠧᠨ᠋ᠲ ᠦᠨ ᠠᠭᠤᠯᠤᠭᠳᠠᠴᠠ ᠶᠢ ᠬᠠᠮᠲᠤ ᠪᠠᠷ ᠬᠡᠮᠵᠢᠨ ᠲᠤᠭᠲᠠᠭᠠᠵᠤ ᠪᠤᠯᠤᠨ᠎ᠠ᠃ ᠲᠤᠷᠰᠢᠯᠲᠠ ᠶᠢᠨ ᠦᠷ᠎ᠡ ᠳ᠋ᠦᠩ ᠭᠡᠷᠡᠴᠢᠯᠡᠭᠰᠡᠨ ᠨᠢ᠄ ᠤᠳᠤᠮᠰᠢᠯᠲᠤ ᠠᠷᠭ᠎ᠠ ᠪᠠᠷ ᠬᠢᠭᠰᠡᠨ ᠴᠭᠠᠨ ᠢᠳᠡᠭᠡᠨ ᠳᠦ ᠬᠦᠮᠦᠨ ᠦ ᠪᠡᠶ᠎ᠡ ᠶᠢᠨ ᠡᠷᠬᠡᠪᠰᠢ ᠬᠡᠷᠡᠭᠰᠡᠬᠦ ᠴᠠᠢᠷ᠂ ᠮᠠᠭᠨᠢ᠂ ᠮᠠᠩᠭᠠᠨ᠂ ᠲᠡᠮᠦᠷ᠂ ᠺᠠᠯᠼ᠋ ᠵᠡᠷᠭᠡ ᠪᠢᠴᠢᠯ ᠡᠯᠧᠮᠧᠨ᠋ᠲ ᠢ ᠨᠡᠯᠢᠶᠡᠳ ᠠᠭᠤᠯᠵᠤ ᠪᠠᠢᠳᠠᠭ᠃ ᠡᠢᠮᠦᠷᠭᠦᠦ ᠬᠡᠮᠵᠢᠨ ᠲᠤᠭᠲᠠᠭᠠᠬᠤ ᠠᠷᠭ᠎ᠠ ᠨᠢ ᠳᠦᠭᠦᠮ ᠲᠦᠷᠭᠡᠨ᠂ ᠴᠠᠭ ᠲᠤ ᠠᠷᠪᠢᠳᠠᠢ ᠮᠦᠷᠲᠡᠭᠡᠨ ᠲᠤᠭᠲᠠᠪᠤᠷᠢᠲᠤ ᠴᠢᠨᠠᠷ ᠢᠶᠠᠷ ᠰᠠᠢᠨ ᠪᠠᠢᠳᠠᠭ᠃ ᠪᠠᠷᠢᠮᠵᠢᠶ᠎ᠠ ᠨᠡᠮᠡᠨ ᠡᠭᠡᠭᠦᠯᠦᠨ ᠬᠤᠷᠢᠶᠠᠬᠤ ᠨᠤᠷᠮ᠎ᠠ ᠨᠢ 97.0᠍ ~ 101.7% ᠬᠤᠭᠤᠷᠤᠨᠳᠤ ᠪᠠᠢᠵᠤ᠂ ᠬᠠᠷᠢᠴᠠᠩᠭᠤᠢ ᠪᠠᠷᠢᠮᠵᠢᠶᠠᠨ ᠤ ᠵᠦᠷᠢᠶ᠎ᠡ RSD<0.44%᠂ ᠰᠢᠯᠭᠠᠨ ᠪᠠᠢᠴᠠᠭᠠᠬᠤ ᠬᠢᠵᠠᠭᠠᠷ ᠨᠢ ≤0.009μg · L-1᠂ ᠣᠨᠣᠪᠴᠢ ᠶᠢᠨ ᠬᠡᠮᠵᠢᠶ᠎ᠡ ᠪᠤᠯᠤᠨ ᠨᠠᠷᠢᠪᠴᠢ ᠶᠢᠨ ᠬᠡᠮᠵᠢᠶ᠎ᠡ ᠨᠢ ᠲᠤᠩ ᠰᠠᠢᠨ ᠪᠠᠢᠳᠠᠭ᠃ |
Original Literature |
No Original Paper
|
出自 |
内蒙古师范大学学报(自然科学蒙古文版)
2012年
第1期
|