Paper Information


Title ᠳᠡᠭᠡᠳᠦ ᠮᠣᠩᠭᠤᠯ ᠨ ᠪᠠᠶᠠᠨ ᠰᠦᠩ ᠦᠨ ᠢᠷᠦᠭᠡᠯ ᠳᠦ ᠳᠤᠰᠬᠠᠭᠳᠠᠭᠰᠠᠨ ᠱᠠᠰᠢᠨ ᠤ ᠰᠤᠶᠤᠯ ᠤᠨ ᠢᠯᠡᠷᠡᠯ
Creator ᠬᠡ‍᠂ ᠬᠠᠰᠴᠢᠮᠡᠭ
Keyword ᠳᠡᠭᠡᠳᠦ ᠮᠣᠩᠭᠤᠯ; 《ᠪᠠᠶᠠᠨ ᠰᠦᠩ ᠦᠨ ᠢᠷᠦᠭᠡᠯ》; ᠱᠠᠰᠢᠨ ᠤ ᠰᠤᠶᠤᠯ
Abstract ᠳᠡᠭᠡᠳᠦ ᠮᠣᠩ᠋ᠭᠤᠯ ᠤᠨ 《ᠪᠠᠶᠠᠨ ᠰᠦᠩ ᠦᠨ ᠢᠷᠦᠭᠡᠯ》᠋ ᠦᠨ ᠠᠭᠤᠯᠭ᠎ᠠ᠂ ᠬᠡᠯᠪᠡᠷᠢ᠂ ᠬᠡᠯᠡ ᠬᠡᠯᠡᠯᠭᠡ ᠵᠡᠷᠭᠡ ᠬᠡᠳᠦᠨ ᠲᠠᠯ᠎ᠠ ᠠᠴᠠ ᠲᠤᠬᠠᠢ ᠶᠢᠨ ᠢᠷᠦᠭᠡᠯ ᠳᠦ ᠳᠤᠰᠬᠠᠭᠳᠠᠭᠰᠠᠨ ᠱᠠᠰᠢᠨ ᠤ ᠨᠦᠯᠦᠭᠡ ᠳᠤᠰᠬᠠᠯ ᠳᠤ ᠪᠤᠳᠠᠲᠠᠢ ᠵᠠᠳᠠᠯᠤᠯᠲᠠ ᠬᠢᠬᠦ ᠶᠢᠨ ᠳᠠᠭᠤ 《ᠪᠠᠶᠠᠨ ᠰᠦᠩ ᠦᠨ ᠢᠷᠦᠭᠡᠯ》᠋ ᠳᠡᠬᠢ ᠡᠷᠲᠡᠨ ᠦ ᠪᠦᠬᠡ ᠮᠦᠷᠭᠦᠯ ᠦᠨ ᠤᠯᠠ ᠮᠦᠷ ᠢ ᠬᠠᠢ᠌ᠨ ᠰᠢᠨᠵᠢᠯᠡᠵᠦ᠂ ᠳᠡᠭᠡᠳᠦ ᠮᠣᠩ᠋ᠭᠤᠯ ᠤᠨ ᠠᠷᠠᠳ ᠤᠨ ᠢᠷᠦᠭᠡᠯ ᠮᠠᠭᠲᠠᠭᠠᠯᠤᠨ ᠠᠭᠤᠯᠭ᠎ᠠ ᠬᠡᠯᠪᠡᠷᠢ ᠳᠦ ᠰᠢᠩᠭᠡᠭ᠍ᠰᠡᠨ ᠱᠠᠰᠢᠨ ᠤ ᠰᠤᠶᠤᠯ ᠤᠨ ᠤᠬᠠᠮᠰᠠᠷ ᠤᠨ ᠪᠤᠳᠠᠲᠠᠢ ᠢᠯᠡᠷᠡᠯ ᠢ ᠡᠷᠢᠵᠦ ᠭᠠᠷᠭᠠᠬᠤ ᠶᠢ ᠵᠤᠷᠢᠭᠰᠠᠨ ᠪᠠᠢ᠌ᠨ᠎ᠠ᠃ ᠱᠠᠰᠢᠨ ᠤ ᠰᠤᠶᠤᠯ ᠨᠢ ᠠᠷᠠᠳ ᠤᠨ ᠠᠮᠠᠨ ᠵᠤᠬᠢᠶᠠᠯ ᠤᠨ ᠳᠤᠲᠤᠷ᠎ᠠ ᠨᠡᠪᠴᠢ ᠰᠢᠩᠭᠡᠵᠦ᠂ ᠲᠡᠭᠦᠨ ᠳᠦ ᠨᠢᠭᠡ ᠵᠤᠢ᠌ᠯ ᠤᠨ ᠨᠡᠮᠡᠯᠲᠡ ᠴᠢᠮᠡᠭ ᠦᠨ ᠦᠢᠯᠡᠳᠦᠯ ᠦᠵᠡᠭᠦᠯᠦᠨ ᠂ ᠣᠷᠤᠨ ᠨᠤᠲᠤᠭ ᠤᠨ ᠣᠨᠴᠠᠯᠢᠭ ᠰᠢᠨᠵᠢ ᠶᠢᠨ ᠬᠤᠪᠢ ᠳᠤ ᠨᠡᠩ ᠲᠤᠳᠤ ᠳᠤᠪᠤᠭᠤᠷ ᠪᠤᠯᠭᠠᠭᠰᠠᠨ ᠪᠠᠢ᠌ᠨ᠎ᠠ᠂ ᠡᠢ᠌ᠮᠦ ᠡᠴᠡ ᠱᠠᠰᠢᠨ ᠤ ᠰᠤᠶᠤᠯ ᠨᠢ ᠠᠷᠠᠳ ᠤᠨ ᠠᠮᠠᠨ ᠵᠤᠬᠢᠶᠠᠯ ᠤᠨ ᠨᠦᠯᠦᠭᠡ ᠳᠤᠰᠬᠠᠯ ᠳᠤ ᠨᠢᠭᠡ ᠵᠤᠢ᠌ᠯ ᠤᠨ ᠲᠤᠭᠲᠠᠵᠤ ᠪᠤᠯᠤᠰᠢ ᠦᠭᠡᠢ ᠰᠤᠳᠤᠯᠤᠭᠳᠠᠬᠤᠨ ᠪᠤᠯᠵᠠᠢ᠃
Original Literature View Original Paper
出自 西部蒙古论坛 2012年 第3期

联系我们


内蒙古大学图书馆
呼和浩特市大学西路235号
中国·内蒙古
P: (0471) 4992561
E: huangfeilong@imu.edu.cn