Title |
ᠮᠤᠩᠭᠤᠯ ᠦᠨᠳᠦᠰᠦᠲᠡᠨ ᠳᠦ ᠬᠠᠮᠤᠭ ᠠᠩ᠋ᠬᠠᠨ ᠤ 《ᠬᠦᠬᠡ ᠳᠡᠪᠲᠡᠷ》ᠨᠡᠷᠡᠲᠦ ᠨᠤᠮ ᠪᠠᠶᠢᠭᠰᠠᠨ ᠡᠰᠡᠭᠦ ᠶᠢᠨ ᠲᠤᠬᠠᠢ ᠨᠤᠲᠠᠯᠠᠯᠲᠠ |
Creator |
ᠪᠠᠳᠠᠷᠠᠬᠤ |
Keyword |
《ᠬᠦᠬᠡ ᠳᠡᠪᠲᠡᠷ》; 《ᠮᠤᠩᠭᠤᠯ ᠤᠨ ᠨᠢᠭᠤᠴᠠ ᠲᠤᠪᠴᠢᠶᠠᠨ》; ᠮᠤᠩᠭᠤᠯ ᠦᠨᠳᠦᠰᠦᠲᠡᠨ |
Abstract |
ᠰᠤᠷᠪᠤᠯᠵᠢ ᠪᠢᠴᠢᠭ᠌ ᠰᠤᠳᠤᠯᠤᠭᠴᠢᠳ ᠪᠠᠷ ᠦᠩᠭᠡᠷᠡᠭᠰᠡᠨ ᠳᠦ 《ᠮᠤᠨᠭᠭᠤᠯ ᠤᠨ ᠨᠢᠭᠤᠴᠠ ᠲᠤᠪᠴᠢᠶᠠᠨ》᠋ ᠳᠠᠬᠢ 《ᠬᠦᠬᠡ ᠳᠡᠪᠲᠡᠷ (ᠬᠦᠬᠡ ᠪᠢᠴᠢᠭ᠌)》ᠬᠡᠮᠡᠬᠦ ᠦᠭᠡ ᠶᠢᠨ ᠤᠭ ᠤᠳᠬ᠎ᠠ ᠶᠢ ᠨᠠᠷᠢᠪᠴᠢᠯᠠᠯ ᠦᠭᠡᠢ ᠪᠡᠷ 《ᠮᠤᠨᠭᠭᠤᠯᠴᠤᠳ ᠲᠤ 〈ᠬᠦᠬᠡ ᠳᠡᠪᠲᠡᠷ (ᠬᠦᠬᠡ ᠪᠢᠴᠢᠭ᠌)〉ᠬᠡᠮᠡᠬᠦ ᠰᠤᠷᠪᠤᠯᠵᠢ ᠪᠢᠴᠢᠭ᠌ ᠪᠠᠶᠢᠭᠰᠠᠨ》ᠭᠡᠬᠦ ᠪᠤᠷᠤᠭᠤ ᠳ᠋ᠦᠩᠨᠡᠯᠲᠡ ᠶᠢ ᠭᠠᠷᠭᠠᠭᠰᠠᠨ ᠪᠦᠭᠡᠳ ᠡᠨᠡ ᠬᠦ ᠪᠤᠷᠤᠭᠤ ᠤᠶᠢᠯᠠᠭᠠᠯᠲᠠ ᠨᠢ ᠤᠳᠤ ᠬᠦᠷᠲᠡᠯ᠎ᠡ ᠬᠦᠮᠦᠰ ᠢ ᠨᠦᠯᠦᠭᠡᠯᠡᠭᠰᠡᠭᠡᠷ ᠪᠠᠶᠢᠨ᠎ᠠ᠃ ᠪᠢᠳᠡ ᠮᠤᠨᠭᠭᠤᠯᠴᠤᠳ ᠤᠨ ᠬᠠᠮᠢᠶ᠎ᠠ ᠪᠦᠬᠦᠢ ᠰᠤᠶᠤᠯ ᠵᠠᠩᠰᠢᠯ ᠪᠢᠴᠢᠭ᠌ ᠮᠠᠲ᠋ᠧᠷᠢᠶᠠᠯ ᠰᠤᠷᠪᠤᠯᠵᠢ ᠪᠢᠴᠢᠭ᠌ ᠡᠴᠡ ᠭᠠᠷᠳᠠᠵᠤ᠂ 《ᠮᠤᠨᠭᠭᠤᠯ ᠤᠨ ᠨᠢᠭᠤᠴᠠ ᠲᠤᠪᠴᠢᠶᠠᠨ》᠋ ᠳᠤ ᠪᠢᠴᠢᠭᠳᠡᠭᠰᠡᠨ ᠤᠭ ᠦᠭᠦᠯᠡᠪᠦᠷᠢ ᠪᠠᠳᠠᠭ ᠢ ᠨᠠᠷᠢᠨ ᠰᠢᠭᠦᠵᠦ ᠤᠩᠰᠢᠭᠰᠠᠨ ᠰᠠᠭᠤᠷᠢᠨ ᠳᠡᠭᠡᠷ᠎ᠡ ᠡᠮᠦᠨᠡᠬᠢ ᠰᠤᠳᠤᠯᠤᠭᠴᠢᠳ ᠤᠨ ᠭᠠᠷᠭᠠᠭᠰᠠᠨ ᠦᠭᠦᠯᠡᠮᠵᠢ ᠶᠢᠨ ᠠᠯᠳᠠᠭ᠎ᠠ ᠪᠤᠷᠤᠭᠤ ᠶᠢ ᠭᠦᠢᠴᠡᠳ ᠲᠤᠩ᠋ᠭᠠᠨ ᠨᠤᠲᠠᠯᠠᠵᠤ᠂ ᠤᠤᠯ ᠬᠡᠯᠡᠯᠭᠡ ᠳᠦ ᠵᠦᠪ ᠲᠠᠶᠢᠯᠪᠤᠷᠢ ᠦᠭᠴᠦ ᠵᠦᠪᠳᠡᠭᠡᠨ ᠠᠪᠬᠤ ᠴᠢᠬᠤᠯᠠ ᠲᠠᠢ᠃ |
Original Literature |
View Original Paper
|
出自 |
中国蒙古学
2010年
第4期
|