Title |
ᠮᠣᠩᠭ᠋ᠤᠯ ᠦᠨᠳᠦᠰᠦᠲᠡᠨ ᠤ ᠰᠤᠨᠢᠨ ᠮᠡᠳᠡᠭᠡᠡᠯᠯ ᠤᠨ ᠰᠤᠷᠭᠠᠨ ᠬᠦᠮᠦᠵᠢᠯ ᠤᠨ ᠣᠳᠣᠬᠢ ᠪᠠᠢᠳᠠᠯ ᠬᠢᠭᠡᠳ ᠣᠷᠤᠰᠢᠵᠤ ᠪᠠᠢᠬ᠋ ᠠ ᠠᠰᠠᠭᠤᠳᠠᠯ ᠤᠨ ᠲᠣᠬᠠᠢ— ᠦᠪᠦᠷ ᠮᠣᠩᠭ᠋ᠤᠯ ᠤᠨ ᠶᠡᠬᠡ ᠰᠤᠷᠭᠠᠭᠤᠯᠢ ᠪᠡᠷ ᠵᠢᠱᠢᠶᠡᠯᠡᠬᠦ ᠨᠢ |
Creator |
ᠦᠷᠡᠵᠢᠮᠢᠰ |
Keyword |
ᠮᠣᠩᠭ᠋ᠤᠯ ᠦᠨᠳᠦᠰᠦᠲᠡᠨ ᠤ ᠰᠣᠨᠢᠨ ᠮᠡᠳᠡᠭᠡᠯᠡᠯ ᠤᠨ ᠰᠤᠷᠭᠠᠨ ᠬᠦᠮᠦᠵᠢᠯ; ᠣᠳᠣᠬᠢ ᠪᠠᠢᠳᠠᠯ; ᠣᠷᠤᠰᠢᠵᠤ ᠪᠠᠢᠢᠭ᠋ ᠠ ᠠᠰᠠᠭᠤᠳᠠᠯ;ᠰᠣᠨᠢᠨ ᠮᠡᠳᠡᠭᠡ ᠬᠡᠪᠯᠡᠯ ᠤᠨ ᠤᠬᠠᠭᠠᠨ ᠤ ᠰᠠᠯᠪᠤᠷᠢ |
Abstract |
ᠲᠤᠰ ᠦᠭᠦᠯᠡᠯ ᠭᠤᠤᠯᠳᠠᠭᠤ ᠦᠪᠦᠷ ᠮᠣᠩᠭ᠋ᠤᠯ ᠤᠨ ᠶᠡᠬᠡ ᠰᠤᠷᠭᠠᠭᠤᠯᠢ ᠶᠢᠨ ᠮᠣᠩᠭ᠋ᠤᠯ ᠰᠣᠳᠣᠯᠣᠯ ᠤᠨ ᠲᠡᠭᠡᠳᠦ ᠰᠤᠷᠭᠠᠭᠤᠯᠢ ᠶᠢᠨ ᠰᠣᠨᠢᠨ ᠮᠡᠳᠡᠭᠡ ᠬᠡᠪᠯᠡᠯ ᠤᠨ ᠤᠬᠠᠭᠠᠨ ᠤ ᠰᠠᠯᠪᠤᠷᠢ ᠶᠢᠨ ᠣᠳᠣᠬᠢ ᠪᠠᠢᠢᠳᠠᠯ ᠢᠢᠡᠷ ᠵᠢᠱᠢᠶ ᠡ ᠪᠣᠯᠭᠠᠵᠤ᠂ᠮᠣᠩᠭ᠋ᠤᠯ ᠰᠣᠨᠢᠨ ᠮᠡᠳᠡᠭᠡ ᠭᠡᠪᠯᠡᠯ ᠤᠨ ᠤᠬᠠᠭᠠᠨ ᠤ ᠰᠤᠷᠭᠠᠨ ᠬᠦᠮᠦᠵᠢᠯ ᠳᠤ ᠣᠷᠤᠰᠢᠵᠤ ᠪᠠᠢᠢᠬ᠋ ᠠ ᠴᠢᠬᠤᠯᠠ ᠠᠰᠠᠭᠤᠳᠠᠯ ᠢ ᠰᠢᠨᠵᠢᠯᠡᠬᠦ ᠶᠢᠨ ᠬᠠᠮᠳᠤ ᠬᠣᠵᠢᠮ ᠤᠨ ᠬᠦᠭ᠍ᠵᠢᠯᠲᠡ ᠳ᠋ᠤ ᠬᠡᠳᠦᠨ ᠰᠠᠨᠠᠯ ᠲᠤᠷᠠᠳᠪᠠ᠃ ᠣᠳᠣᠬᠢ ᠮᠣᠩᠭ᠋ᠤᠯ ᠦᠨᠳᠦᠰᠦᠲᠡᠨ ᠤ ᠰᠣᠨᠢᠨ ᠮᠡᠳᠡᠭᠡᠯᠡᠯ ᠤᠨ ᠰᠤᠷᠭᠠᠨ ᠬᠦᠮᠦᠵᠢᠯ ᠳᠤ ᠲᠤᠤᠷᠠᠬᠢ ᠭᠡᠳᠦᠨ ᠦᠨᠳᠦᠰᠦᠨ ᠠᠰᠠᠭᠤᠳᠠᠯ ᠣᠷᠤᠰᠢᠵᠤ ᠪᠠᠢᠢᠨ᠌ ᠠ᠃(1) ᠣᠶᠤᠲᠠᠳ ᠲᠤ ᠮᠡᠳᠡᠭᠡᠯᠡᠯ ᠤᠨ ᠤᠬᠠᠭᠠᠨ ᠤ ᠰᠣᠳᠤᠯᠭᠠᠨ ᠤ ᠠᠷᠭ᠋ ᠠ ᠲᠠᠢ ᠬᠠᠮᠢᠶ ᠠ ᠪᠦᠬᠦᠢ ᠬᠢᠴᠢᠶᠡᠯ ᠨᠡᠭᠡᠭᠡᠳᠦᠢ᠃(2) ᠬᠢᠴᠢᠶᠡᠯ ᠤᠨ ᠪᠢᠴᠢᠭ᠌ ᠢ ᠲᠡᠭᠦᠯᠳᠡᠷᠵᠢᠭᠦᠯᠬᠦ ᠬᠡᠷᠡᠭᠲᠡᠢ᠃(3)ᠣᠯᠠᠨ ᠵᠠᠭᠤᠴᠢᠯᠠᠭᠤᠷ ᠠᠭᠤᠰᠤᠯᠳᠤᠵᠤ ᠪᠠᠢᠢᠬ᠋ ᠠ ᠴᠠᠭ ᠦᠶ ᠡ ᠳᠤ᠂ ᠰᠣᠨᠢᠨ ᠮᠡᠳᠡᠭᠡᠯᠡᠯ ᠤᠨ ᠬᠢᠴᠢᠶᠡᠯ ᠬᠦᠮᠦᠵᠢᠯ ᠤᠨ ᠦᠵᠡᠯ ᠰᠠᠨᠠᠭ᠋ ᠠ ᠪᠠᠨ ᠬᠦᠢᠴᠡᠳ ᠦᠭᠡᠷᠡᠴᠢᠯᠡᠭᠡ ᠦᠭᠡᠢ᠃ ᠦᠭᠦᠯᠡᠯ ᠳᠤ ᠲᠡᠭᠡᠷᠡᠬᠢ ᠭᠤᠷᠪᠠᠨ ᠠᠰᠠᠭᠤᠳᠠᠯ ᠤᠨ ᠲᠣᠬᠠᠢ ᠲᠤᠭᠠᠴᠢᠨ ᠦᠭᠦᠯᠡᠬᠦ ᠶᠢᠨ ᠬᠠᠮᠳᠤ᠂ ᠵᠢᠭᠠᠬᠤ ᠬᠢᠴᠢᠶᠡᠯ ᠢ ᠲᠬᠢᠨ ᠲᠤᠬᠢᠷᠠᠤᠯᠬᠤ᠂ ᠤᠷᠠᠨ ᠨᠤᠲᠤᠭ ᠤᠨ ᠣᠨᠴᠠᠯᠢᠭ ᠲᠠᠢ ᠮᠣᠩᠭ᠋ᠤᠯ ᠭᠡᠯᠡᠨ ᠤ ᠵᠢᠭᠠᠬᠤ ᠮᠠᠲ᠋ᠧᠷᠢᠶᠠᠯ ᠢ ᠨᠠᠢᠢᠷᠠᠭᠤᠯᠬᠤ᠂ ᠰᠤᠷᠤᠭᠴᠢᠳ ᠤᠨ ᠶᠡᠷᠦᠩᠬᠡᠢᠢᠯᠡᠭᠰᠡᠨ ᠤᠤᠷ ᠴᠢᠨᠠᠷ ᠢ ᠲᠡᠭᠡᠭ᠍ᠰᠢᠯᠡᠭᠦᠯᠬᠦ ᠪᠠ ᠮᠡᠷᠭᠡᠵᠢᠯ ᠠᠯᠤᠰᠯᠠᠬᠤ ᠬᠡᠮᠵᠢᠶ ᠡ ᠵᠢ ᠦᠷᠭᠡᠳᠭᠡᠬᠦ ᠵᠡᠷᠭᠡ ᠬᠡᠳᠦᠨ ᠲᠠᠯ ᠠ ᠶᠢᠨ ᠰᠠᠨᠠᠯ ᠲᠤᠷᠠᠳᠤᠭᠰᠠᠨ ᠪᠠᠢᠢᠨ᠌ ᠠ᠃ |
Original Literature |
View Original Paper
|
出自 |
内蒙古大学学报
2013年
第4期
|