Abstract |
ᠵᠠᠮᠪᠠᠯᠳᠣᠷᠵᠢ ᠪᠣᠯ ᠠᠯᠳᠠᠷᠲᠤ ᠮᠣᠩᠭ᠋ᠤᠯ ᠡᠮ ᠤᠨ ᠤᠬᠠᠭᠠᠨᠲᠠᠨ ᠪᠣᠯᠬᠤ ᠪᠦᠭᠡᠳ ᠮᠣᠩᠭ᠋ᠤᠯ ᠦᠨᠳᠦᠰᠦᠲᠡᠨ ᠤ ᠠᠷᠪᠠᠨ ᠭᠠᠷᠮᠠᠭᠠᠢ ᠰᠢᠨᠢᠯᠡᠬᠦ ᠤᠬᠠᠭᠠᠨᠲᠠᠨ ᠪ ᠨᠢᠭᠡ ᠨᠢ ᠪᠣᠯᠤᠨ᠌ ᠠ᠃ᠲᠡᠷᠡ《ᠪᠣᠷᠤ ᠬᠤᠰᠢᠭᠤ ᠰᠦᠮ ᠡ ᠶᠢᠨ ᠲᠦᠷᠪᠷᠳᠦᠭᠡᠷ ᠲᠦᠷᠢ ᠶᠢᠨ ᠭᠡᠭᠡᠨ 》ᠪᠣᠯᠬᠤ ᠪᠣᠯᠤᠮᠵᠢ ᠦᠭᠡᠢ᠃ᠨᠠᠢᠮᠠᠨ ᠬᠤᠰᠢᠭᠤᠨ ᠤ ᠶᠢᠰᠦᠳᠦᠭᠡᠷ ᠵᠠᠰᠠᠭ ᠲᠦᠷᠦ ᠶᠢᠨ ᠲᠠᠷᠬᠠᠨ ᠵᠢᠶᠦ᠋ᠨ ᠸᠠᠩ ᠪᠠᠯᠴᠤᠭ ᠪᠣᠯ ᠲᠡᠭᠦᠨ ᠤ ᠡᠴᠢᠭᠡ᠂ᠲᠠᠭᠰᠤ ᠪᠣᠯ ᠲᠡᠭᠦᠨ ᠤ ᠠᠬᠠᠮᠠᠳ ᠬᠦᠦ᠂ ᠰᠠᠭᠠᠷᠠ (ᠠᠷᠪᠠᠨ ᠬᠣᠶᠠᠳᠤᠭᠠᠷ ᠵᠠᠰᠠᠭ ᠸᠠᠩ )ᠪᠣᠯ ᠲᠡᠭᠦᠨ ᠤ ᠲᠦᠷᠦᠭᠰᠡᠨ ᠣᠮᠪᠤᠯᠤᠤ ᠬᠦᠦ ᠪᠣᠯᠤᠨ᠌ ᠠ᠃ ᠨᠠᠢᠮᠠᠨ ᠬᠤᠰᠢᠭᠤᠨ ᠤ ᠵᠠᠰᠠᠭ ᠸᠠᠩ ᠤᠨ ᠲᠣᠲᠤᠷ ᠠ ᠰᠠᠭᠠᠷᠠ ᠸᠠᠩ ᠪᠠ ᠲᠠᠭᠦᠨ ᠤ ᠬᠦᠪᠡᠬᠦᠨ ᠮᠠᠰᠢᠪᠠᠭᠠᠲᠤᠷ ᠸᠠᠩ ᠤᠨ ᠬᠦᠪᠡᠭᠦᠨ ᠰᠸᠧᠩᠸᠩᠪᠤ ᠭᠡᠭᠡᠨ᠂ᠰᠦᠵᠦᠭᠲᠦᠪᠠᠭᠠᠲᠤᠷ ᠸᠠᠩ᠂ ᠣᠷᠤᠯᠠᠭᠴᠢ ᠵᠠᠰᠠᠭ ᠲᠡᠭᠦᠰᠠᠯᠲᠠᠨᠬᠤᠶᠠᠭ ᠪᠠ ᠬᠠᠮᠤᠭ ᠡᠴᠦᠰ ᠤᠨ ᠵᠠᠰᠠᠭ ᠸᠠᠩ—ᠬᠤᠰᠢᠭᠤᠨ ᠲᠠᠷᠤᠭ᠋ ᠠ ᠰᠤᠳᠨᠠᠮᠳᠤᠷᠵᠢ ᠨᠠᠷ ᠪᠣᠯ ᠨᠠᠢᠮᠠᠨ ᠲᠦᠢᠨ ᠵᠠᠮᠪᠠᠯᠳᠣᠷᠵᠢ ᠶᠢᠨ ᠴᠢᠰᠤᠨ ᠰᠦᠯᠪᠡᠭᠡᠨ ᠤ ᠦᠷ ᠡ ᠠᠴᠢ ᠨᠠᠷ ᠶᠣᠮ᠃ |