Paper Information


Title ᠰᠠᠢᠴᠤᠩᠭ᠍᠎ᠠ (ᠨᠠ‍ · ᠰᠠᠢᠨᠴᠤᠭᠲᠤ) ᠶᠢᠨ 20 ᠳᠤᠭᠠᠷ ᠵᠠᠭᠤᠨ ᠤ ᠳᠦᠴᠢᠭᠡᠳ ᠣᠨ ᠤ ᠨᠠᠮᠳᠠᠷ ᠲᠡᠦᠬᠡᠨ ᠳᠦ ᠬᠤᠯᠪᠤᠭᠳᠠᠭᠰᠠᠨ ᠰᠢᠨ᠎ᠡ ᠪᠠᠷᠢᠮᠲᠠ ᠪᠢᠴᠢᠭ
Creator ᠠ‍ · ᠤᠷᠲᠤᠨ᠋ᠠᠰᠤᠲᠤ
Keyword ᠰᠠᠢᠴᠤᠩᠭ᠍᠎ᠠ; ᠨᠠᠮᠳᠠᠷ ᠲᠡᠦᠬᠡ; ᠪᠠᠷᠢᠮᠲᠠ ᠪᠢᠴᠢᠭ
Abstract ᠰᠠᠢᠴᠤᠩᠭ᠍᠎ᠠ (ᠨᠠ‍ · ᠰᠠᠢᠨᠴᠤᠭᠲᠤ) ᠶᠢᠨ 20 ᠳᠤᠭᠠᠷ ᠵᠠᠭᠤᠨ ᠤ ᠲᠦᠴᠢᠭᠡᠳ ᠣᠨ ᠤ ᠨᠠᠮᠳᠠᠷ ᠲᠡᠦᠬᠡᠨ ᠳᠦ ᠬᠢ ᠵᠠᠷᠢᠮ ᠬᠡᠷᠡᠭ ᠤᠴᠢᠷ ᠪᠦᠷᠢᠨ ᠭᠦᠢᠴᠡᠳ ᠳᠤᠲᠤᠯᠠᠭᠳᠠᠭ᠎ᠠ ᠦᠭᠡᠢ ᠪᠠᠢᠭᠰᠠᠭᠠᠷ᠃ ᠲᠤᠬᠠᠢᠯᠠᠪᠠᠯ ᠡᠨᠡ ᠬᠤᠭᠤᠴᠠᠭᠠᠨ ᠳᠤ ᠰᠠᠢᠴᠤᠩᠭ᠍᠎ᠠ ᠴᠠᠬᠠᠷ ᠠᠢᠮᠠᠭ ᠤᠨ ᠳᠠᠷᠤᠭ᠎ᠠ ᠪᠤᠶᠤ ᠳᠡᠳ᠋ ᠳᠠᠷᠤᠭ᠎ᠠ ᠶᠢᠨ ᠲᠤᠰᠢᠶᠠᠯ ᠢ ᠬᠠᠷᠢᠭᠤᠴᠠᠭᠰᠠᠨ ᠡᠰᠡᠭᠦ᠂ ᠬᠡᠷᠪᠡ ᠬᠠᠷᠢᠭᠤᠴᠠᠭᠰᠠᠨ ᠪᠤᠯ ᠪᠤᠳᠠᠲᠠᠢ ᠶᠠᠮᠠᠷ ᠠᠵᠢᠯ ᠡᠭᠦᠷᠭᠡ ᠭᠦᠢᠴᠡᠳᠭᠡᠭᠰᠡᠨ ᠵᠢᠴᠢ ᠨᠡᠢᠲᠡ ᠬᠡᠳᠦᠢ ᠬᠤᠭᠤᠴᠠᠭ᠎ᠠ ᠠᠵᠢᠯᠯᠠᠭᠰᠠᠨ ᠵᠡᠷᠭᠡ ᠬᠡᠳᠦᠨ ᠠᠰᠠᠭᠤᠳᠠᠯ ᠪᠦᠷᠢᠮᠦᠰᠦᠨ ᠲᠤᠳᠤᠯᠠᠭᠳᠠᠭ᠎ᠠ ᠦᠭᠡᠢ ᠪᠠᠢᠨ᠎ᠠ᠃ ᠡᠳᠡᠭᠡᠷ ᠮᠠᠳᠠᠭ ᠲᠠᠢ ᠠᠰᠠᠭᠤᠳᠠᠯ ᠢ ᠲᠤᠳᠤᠷᠬᠠᠢᠯᠠᠬᠤ ᠳᠤ ᠵᠦᠪᠬᠡᠨ ᠰᠠᠢᠴᠤᠩᠭ᠍᠎ᠠ ᠶᠢᠨ ᠦᠪᠡᠷ ᠦᠨ ᠪᠢᠴᠢᠭᠰᠡᠨ ᠪᠤᠶᠤ ᠪᠤᠰᠤᠳ ᠤᠨ ᠬᠡᠯᠡᠭᠰᠡᠨ ᠢ ᠦᠨᠳᠦᠰᠦᠯᠡᠵᠦ ᠳ᠋ᠦᠩᠨᠡᠯᠲᠡ ᠬᠢᠬᠦ ᠲᠡᠳᠦᠢ ᠪᠡᠷ ᠵᠤᠭᠰᠤᠵᠤ ᠦᠯᠦ ᠪᠤᠯᠤᠨ᠎ᠠ᠃ ᠲᠤᠰ ᠦᠭᠦᠯᠡᠯ ᠳᠦ᠂ ᠰᠢᠨ᠎ᠡ ᠪᠠᠷᠢᠮᠲᠠ ᠪᠢᠴᠢᠭ ᠢ ᠣᠯᠵᠤ ᠢᠯᠡᠷᠡᠭᠦᠯᠦᠨ᠂ ᠳᠠᠩᠰᠠ ᠡᠪᠬᠡᠮᠡᠯ ᠰᠢᠭᠦᠵᠦ ᠤᠩᠰᠢᠭᠰᠠᠨ ᠰᠠᠭᠤᠷᠢ ᠳᠡᠭᠡᠷ᠎ᠡ᠂ ᠰᠠᠢᠴᠤᠩᠭ᠍᠎ᠠ (ᠨᠠ‍ · ᠰᠠᠢᠨᠴᠤᠭᠲᠤ) ᠶᠢᠨ 20 ᠳᠤᠭᠠᠷ ᠵᠠᠭᠤᠨ ᠤ ᠳᠦᠴᠢᠭᠡᠳ ᠣᠨ ᠤ ᠨᠠᠮᠳᠠᠷ ᠲᠡᠦᠬᠡᠨ ᠳᠦ ᠬᠢ ᠮᠠᠳᠠᠭ ᠲᠠᠢ ᠠᠰᠠᠭᠤᠳᠠᠯ ᠳᠤ ᠢᠲᠡᠭᠡᠮᠵᠢ ᠲᠡᠢ ᠬᠠᠷᠢᠭᠤᠯᠲᠠ ᠦᠭᠬᠦ ᠪᠡᠷ ᠣᠷᠤᠯᠳᠤᠪᠠ᠃
Original Literature No Original Paper
出自 内蒙古大学学报 2014年 第6期

联系我们


内蒙古大学图书馆
呼和浩特市大学西路235号
中国·内蒙古
P: (0471) 4992561
E: huangfeilong@imu.edu.cn