Title |
ᠰᠠᠢᠴᠤᠩᠭ᠍᠎ᠠ (ᠨᠠ · ᠰᠠᠢᠨᠴᠤᠭᠲᠤ) ᠶᠢᠨ 20 ᠳᠤᠭᠠᠷ ᠵᠠᠭᠤᠨ ᠤ ᠳᠦᠴᠢᠭᠡᠳ ᠣᠨ ᠤ ᠨᠠᠮᠳᠠᠷ ᠲᠡᠦᠬᠡᠨ ᠳᠦ ᠬᠤᠯᠪᠤᠭᠳᠠᠭᠰᠠᠨ ᠰᠢᠨ᠎ᠡ ᠪᠠᠷᠢᠮᠲᠠ ᠪᠢᠴᠢᠭ |
Creator |
ᠠ · ᠤᠷᠲᠤᠨ᠋ᠠᠰᠤᠲᠤ |
Keyword |
ᠰᠠᠢᠴᠤᠩᠭ᠍᠎ᠠ; ᠨᠠᠮᠳᠠᠷ ᠲᠡᠦᠬᠡ; ᠪᠠᠷᠢᠮᠲᠠ ᠪᠢᠴᠢᠭ |
Abstract |
ᠰᠠᠢᠴᠤᠩᠭ᠍᠎ᠠ (ᠨᠠ · ᠰᠠᠢᠨᠴᠤᠭᠲᠤ) ᠶᠢᠨ 20 ᠳᠤᠭᠠᠷ ᠵᠠᠭᠤᠨ ᠤ ᠲᠦᠴᠢᠭᠡᠳ ᠣᠨ ᠤ ᠨᠠᠮᠳᠠᠷ ᠲᠡᠦᠬᠡᠨ ᠳᠦ ᠬᠢ ᠵᠠᠷᠢᠮ ᠬᠡᠷᠡᠭ ᠤᠴᠢᠷ ᠪᠦᠷᠢᠨ ᠭᠦᠢᠴᠡᠳ ᠳᠤᠲᠤᠯᠠᠭᠳᠠᠭᠠ ᠦᠭᠡᠢ ᠪᠠᠢᠭᠰᠠᠭᠠᠷ᠃ ᠲᠤᠬᠠᠢᠯᠠᠪᠠᠯ ᠡᠨᠡ ᠬᠤᠭᠤᠴᠠᠭᠠᠨ ᠳᠤ ᠰᠠᠢᠴᠤᠩᠭ᠍᠎ᠠ ᠴᠠᠬᠠᠷ ᠠᠢᠮᠠᠭ ᠤᠨ ᠳᠠᠷᠤᠭ᠎ᠠ ᠪᠤᠶᠤ ᠳᠡᠳ᠋ ᠳᠠᠷᠤᠭ᠎ᠠ ᠶᠢᠨ ᠲᠤᠰᠢᠶᠠᠯ ᠢ ᠬᠠᠷᠢᠭᠤᠴᠠᠭᠰᠠᠨ ᠡᠰᠡᠭᠦ᠂ ᠬᠡᠷᠪᠡ ᠬᠠᠷᠢᠭᠤᠴᠠᠭᠰᠠᠨ ᠪᠤᠯ ᠪᠤᠳᠠᠲᠠᠢ ᠶᠠᠮᠠᠷ ᠠᠵᠢᠯ ᠡᠭᠦᠷᠭᠡ ᠭᠦᠢᠴᠡᠳᠭᠡᠭᠰᠡᠨ ᠵᠢᠴᠢ ᠨᠡᠢᠲᠡ ᠬᠡᠳᠦᠢ ᠬᠤᠭᠤᠴᠠᠭ᠎ᠠ ᠠᠵᠢᠯᠯᠠᠭᠰᠠᠨ ᠵᠡᠷᠭᠡ ᠬᠡᠳᠦᠨ ᠠᠰᠠᠭᠤᠳᠠᠯ ᠪᠦᠷᠢᠮᠦᠰᠦᠨ ᠲᠤᠳᠤᠯᠠᠭᠳᠠᠭᠠ ᠦᠭᠡᠢ ᠪᠠᠢᠨ᠎ᠠ᠃ ᠡᠳᠡᠭᠡᠷ ᠮᠠᠳᠠᠭ ᠲᠠᠢ ᠠᠰᠠᠭᠤᠳᠠᠯ ᠢ ᠲᠤᠳᠤᠷᠬᠠᠢᠯᠠᠬᠤ ᠳᠤ ᠵᠦᠪᠬᠡᠨ ᠰᠠᠢᠴᠤᠩᠭ᠍᠎ᠠ ᠶᠢᠨ ᠦᠪᠡᠷ ᠦᠨ ᠪᠢᠴᠢᠭᠰᠡᠨ ᠪᠤᠶᠤ ᠪᠤᠰᠤᠳ ᠤᠨ ᠬᠡᠯᠡᠭᠰᠡᠨ ᠢ ᠦᠨᠳᠦᠰᠦᠯᠡᠵᠦ ᠳ᠋ᠦᠩᠨᠡᠯᠲᠡ ᠬᠢᠬᠦ ᠲᠡᠳᠦᠢ ᠪᠡᠷ ᠵᠤᠭᠰᠤᠵᠤ ᠦᠯᠦ ᠪᠤᠯᠤᠨ᠎ᠠ᠃ ᠲᠤᠰ ᠦᠭᠦᠯᠡᠯ ᠳᠦ᠂ ᠰᠢᠨ᠎ᠡ ᠪᠠᠷᠢᠮᠲᠠ ᠪᠢᠴᠢᠭ ᠢ ᠣᠯᠵᠤ ᠢᠯᠡᠷᠡᠭᠦᠯᠦᠨ᠂ ᠳᠠᠩᠰᠠ ᠡᠪᠬᠡᠮᠡᠯ ᠰᠢᠭᠦᠵᠦ ᠤᠩᠰᠢᠭᠰᠠᠨ ᠰᠠᠭᠤᠷᠢ ᠳᠡᠭᠡᠷ᠎ᠡ᠂ ᠰᠠᠢᠴᠤᠩᠭ᠍᠎ᠠ (ᠨᠠ · ᠰᠠᠢᠨᠴᠤᠭᠲᠤ) ᠶᠢᠨ 20 ᠳᠤᠭᠠᠷ ᠵᠠᠭᠤᠨ ᠤ ᠳᠦᠴᠢᠭᠡᠳ ᠣᠨ ᠤ ᠨᠠᠮᠳᠠᠷ ᠲᠡᠦᠬᠡᠨ ᠳᠦ ᠬᠢ ᠮᠠᠳᠠᠭ ᠲᠠᠢ ᠠᠰᠠᠭᠤᠳᠠᠯ ᠳᠤ ᠢᠲᠡᠭᠡᠮᠵᠢ ᠲᠡᠢ ᠬᠠᠷᠢᠭᠤᠯᠲᠠ ᠦᠭᠬᠦ ᠪᠡᠷ ᠣᠷᠤᠯᠳᠤᠪᠠ᠃ |
Original Literature |
No Original Paper
|
出自 |
内蒙古大学学报
2014年
第6期
|