Abstract |
ᠳᠤᠰ ᠦᠭᠦᠯᠡᠯ ᠳᠤ ᠮᠣᠩᠭ᠋ᠣᠯᠴᠤᠳ ᠤᠨ ᠲᠤᠮᠲᠠ ᠦᠷᠭᠡᠨ ᠶᠢᠨᠷ ᠶᠠᠷᠢᠭᠳᠠᠵᠤ᠂ ᠨᠦᠯᠦᠭᠡ ᠲᠤᠰᠬᠠᠯ ᠭᠦᠨ ᠪᠤᠯᠤᠭᠰᠠᠨ 《ᠦᠪᠦᠷ ᠲᠦᠴᠢᠨ ᠶᠢᠰᠦ᠂ ᠠᠷᠦ ᠲᠠᠪᠢᠨ ᠲᠤᠯᠤᠭᠠᠨ ᠬᠤᠰᠢᠭᠤ》ᠬᠡᠮᠡᠬᠦ ᠨᠡᠷᠡᠢ᠌ᠳᠦᠯ ᠤᠨ ᠡᠭᠦᠰᠴᠦ ᠤᠯᠠᠷᠢᠭᠰᠠᠨ ᠶᠠᠪᠤᠴᠠ ᠶᠢ ᠳᠤᠳᠤᠯᠠᠨ ᠦᠭᠦᠯᠡᠵᠦ᠂ ᠲᠠᠢ᠌ᠴᠢᠩ ᠬᠦᠷᠦᠨ ᠦ ᠳᠤᠳᠤᠭᠠᠳᠤ ᠵᠠᠰᠠᠭ ᠤᠨ ᠮᠣᠩᠭᠣᠯ ᠬᠤᠰᠢᠭᠤᠨ ᠦ ᠲᠤᠭ᠎ᠠ ᠡᠩᠭᠡ ᠠᠮᠤᠭᠤᠯᠠᠩ ᠤᠨ ᠵᠢᠷᠭᠤᠳᠤᠭᠠᠷ ᠤᠨ(1667)ᠳ᠋ᠤ ᠲᠦᠴᠢᠨ ᠶᠢᠰᠦ ᠪᠤᠯᠤᠭᠰᠠᠨ᠂ ᠳᠡᠭᠦᠨ ᠦ ᠳᠠᠷᠠᠭ᠎ᠠ ᠵᠢᠯ ᠡᠴᠡ ᠡᠬᠢᠯᠡᠨ 《ᠲᠠᠢ᠌ᠴᠢᠩ ᠭᠦᠷᠦᠨ ᠦ ᠮᠠᠭᠠᠳ ᠬᠠᠤᠯᠢ》ᠳ᠋ᠤ 《ᠭᠠᠳᠠᠭᠠᠳᠤ ᠮᠣᠩᠭᠣᠯ ᠤᠨ ᠲᠦᠡᠢᠨ ᠶᠢᠰᠦᠨ ᠬᠤᠰᠢᠭᠤ》ᠬᠡᠮᠡᠬᠦ ᠨᠡᠷᠡᠢ᠌ᠳᠦᠯ ᠠᠩᠬ᠎ᠠ ᠢᠯᠡᠷᠡᠪᠡ᠃ 《ᠬᠠᠭᠠᠨ ᠦ ᠪᠢᠴᠢᠭᠰᠡᠨ ᠮᠠᠨᠵᠦ ᠦᠭᠡᠨ ᠦ ᠲᠤᠯᠢ ᠪᠢᠴᠢᠭ᠌》ᠢ᠋ ᠨᠠᠢ᠌ᠷᠠᠭᠤᠯᠬᠤ ᠦᠶᠡᠰ《ᠲᠦᠢᠨ ᠶᠢᠰᠦᠨ ᠬᠤᠰᠢᠭᠤ 》ᠬᠡᠮᠡᠬᠦ ᠵᠤᠷᠪᠤᠰ ᠢ ᠪᠢᠴᠢᠨ ᠤᠷᠤᠭᠤᠯᠤᠭᠰᠠᠨ ᠪᠠ ᠮᠦᠨ ᠳᠡᠭᠦᠨ ᠳᠡᠭᠡᠨ ᠬᠤᠤᠰᠯᠠᠭᠤᠯᠤᠨ ᠭᠠᠳᠠᠭᠠᠳᠤ ᠵᠠᠰᠠᠭ ᠤᠨ ᠬᠤᠰᠢᠭᠤᠳ ᠢ ᠪᠦᠷᠢᠳᠭᠡᠨ ᠲᠤᠭᠠᠯᠠᠵᠤ᠂ 《ᠲᠠᠪᠢᠨ ᠲᠤᠯᠤᠭᠠᠨ ᠬᠤᠰᠢᠭᠤ》ᠬᠡᠮᠡᠨ ᠪᠢᠴᠢᠭᠯᠡᠭᠰᠡᠨ᠂ ᠡᠨᠡ ᠬᠤᠶᠠᠷ ᠨᠠᠷᠡᠢ᠌ᠳᠦᠯ 《ᠬᠠᠭᠠᠨ ᠦ ᠪᠢᠴᠢᠭᠰᠡᠨ ᠮᠠᠨᠵᠦ ᠦᠭᠡᠨ ᠦ ᠲᠤᠯᠢ ᠪᠢᠴᠢᠭ᠌》ᠢ᠋ ᠮᠣᠩᠭ᠋ᠣᠯᠴᠢᠯᠠᠬᠤ ᠶᠠᠪᠤᠴᠠ ᠳᠤ ᠮᠣᠩᠭ᠋ᠣᠯᠴᠤᠳ ᠤᠨ ᠳᠤᠮᠳᠠ ᠳᠡᠷᠬᠠᠨ ᠳᠡᠯᠭᠡᠷᠡᠵᠦ᠂ ᠤᠳᠬ᠎ᠠ ᠠᠭᠤᠯᠤᠭᠳᠠᠬᠤᠨ ᠦ ᠬᠤᠪᠢ ᠳᠤ ᠡᠳᠦᠢ ᠳᠡᠳᠦᠢ ᠬᠤᠪᠢᠷᠠᠯᠲᠠ ᠭᠠᠷᠤᠭᠰᠠᠨ ᠬᠡᠵᠦ ᠦᠵᠡᠵᠡᠢ᠃ |