Paper Information


Title ᠮᠣᠩᠭᠤᠯ ᠡᠷᠲᠡᠨ ᠤ ᠬᠦᠤᠷᠨᠢᠯ ᠤᠨ ᠤᠷᠠᠨ ᠵᠣᠬᠢᠶᠠᠯ ᠤᠨ ᠭᠤᠤ ᠠ ᠰᠠᠢᠬᠠᠨ ᠤ ᠣᠨᠴᠠᠯᠢᠭ ᠤᠨ ᠰᠣᠳᠣᠯᠣᠯ
Creator ᠬᠠᠷᠠᠬᠦᠦ
Keyword
Abstract ᠲᠤᠰ ᠦᠭᠦᠯᠡᠯ᠂ ᠮᠣᠩᠭᠤᠯ ᠡᠷᠲᠡᠨ ᠤ ᠬᠦᠦᠷᠨᠢᠯ ᠤᠨ ᠤᠷᠠᠨ ᠵᠣᠬᠢᠶᠠᠯ ᠤᠨ ᠬᠦᠦᠷᠨᠢᠬᠦ ᠯᠣᠬᠢᠭ ᠤᠨ ᠡᠬᠢᠯᠡᠯᠲᠡ ᠶᠢᠨ ᠴᠢᠭ ᠪᠣᠯᠤᠨ ᠬᠦᠦᠷᠨᠢᠬᠦ ᠬᠡᠯᠪᠡᠷᠢ ᠮᠠᠶᠢᠭ ᠢ ᠶᠡᠷᠦᠩᠬᠡᠢᠯᠡᠨ ᠰᠢᠨᠵᠢᠯᠡᠭᠰᠡᠨ ᠰᠠᠭᠤᠷᠢᠨ ᠲᠠᠭᠡᠷ ᠡ ᠲᠡᠭᠦᠨ ᠤ ᠲᠦᠭᠦᠷᠢᠭ᠂ᠲᠤᠭᠤᠢ᠂ ᠲᠤᠭᠤᠷᠢᠭ᠂ ᠲᠡᠷᠭᠡᠯ᠂ ᠲᠦᠭᠦᠷᠡᠩ᠂ ᠬᠦᠷᠲᠦᠯᠢᠭ ᠬᠡᠯᠪᠡᠷᠢ ᠪᠦᠬᠦᠢ ᠭᠤᠤ ᠠ ᠰᠠᠢᠬᠠᠨ ᠤ ᠰᠡᠳᠬᠢᠬᠦᠢ ᠶᠢᠨ ᠬᠦᠨ ᠲᠠᠪᠬᠤᠷᠯᠢᠭ ᠰᠣᠶᠣᠯ ᠰᠡᠳᠬᠢᠴᠡ ᠶᠢᠨ ᠪᠦᠲᠦᠴᠡ ᠨᠢ ᠦᠷᠦᠨᠡᠳᠡᠬᠢᠨ ᠤ ᠬᠦᠦᠷᠨᠢᠯ ᠤᠨ ᠤᠷᠠᠨ ᠵᠣᠬᠢᠶᠠᠯ ᠤᠨ ᠤᠢᠯᠠᠭᠠᠭᠳᠠᠬᠤᠨ᠂ ᠪᠦᠲᠦᠴᠡ᠂ ᠢᠯᠡᠷᠡᠭᠦᠯᠬᠦ ᠬᠡᠯᠪᠡᠷᠢ ᠮᠠᠶᠢᠭ ᠲᠠᠢ ᠠᠳᠠᠯᠢ ᠦᠭᠡᠢ ᠪᠠᠢᠵᠤ᠂ ᠡᠨᠡᠬᠦ ᠲᠦᠭᠦᠷᠢᠭ᠂ ᠲᠡᠷᠭᠡᠯ᠂ ᠬᠡᠯᠪᠡᠷᠢ ᠪᠦᠬᠦᠢ ᠪᠦᠲᠦᠴᠡ ᠨᠢ ᠬᠠᠷᠢᠨ ᠡᠷᠲᠠᠨ ᠤ ᠮᠣᠩᠭᠤᠯᠴᠤᠳ ᠤᠨ ᠭᠤᠤ ᠠ ᠰᠠᠢᠬᠠᠨ ᠤ ᠬᠦᠰᠡᠯᠡᠩ ᠲᠠᠢ ᠲᠣᠬᠢᠷᠠᠯᠴᠠᠭᠰᠠᠨ᠂ ᠦᠷᠭᠡᠨ ᠲᠡᠯᠭᠡᠷ᠂ ᠦᠨᠢᠷ ᠪᠠᠶᠠᠯᠢᠭ ᠵᠣᠬᠢᠴᠠᠯᠳᠤᠬᠤ ᠰᠢᠨᠵᠢ ᠪᠠ ᠠᠯᠢᠪᠠ ᠵᠢ ᠬᠠᠮᠤᠷᠤᠭᠰᠠᠨ ᠠᠮᠢᠳᠤᠷᠠᠯ ᠤᠨ ᠠᠬᠤᠭᠤᠯᠬᠤ ᠬᠦᠴᠦᠨᠲᠠᠢ ᠪᠠᠢᠭᠰᠠᠨ ᠢ ᠲᠣᠳᠤᠷᠠᠭᠤᠯᠵᠠᠢ᠃ ᠮᠣᠩᠭᠤᠯ ᠡᠷᠲᠡᠨ ᠤ ᠬᠦᠦᠷᠨᠢᠯ ᠤᠨ ᠤᠷᠠᠨ ᠵᠣᠬᠢᠶᠠᠯ ᠤᠨ ᠡᠨᠡᠬᠦ ᠡᠷᠬᠢᠯᠳᠦᠨ ᠬᠦᠳᠡᠯᠬᠦ ᠬᠡᠯᠡᠷᠢ ᠪᠦᠬᠦᠢ ᠲᠦᠭᠦᠷᠢᠭ ᠢᠢᠡᠷ ᠬᠦᠦᠷᠨᠢᠬᠦ ᠯᠤᠬᠢᠭ ᠤᠨ ᠡᠬᠢᠯᠡᠯᠲᠡ ᠶᠢᠨ ᠴᠢᠭ ᠪᠣᠯᠭᠠᠬᠤ ᠶᠢᠨ ᠬᠠᠮᠲᠤ ᠲᠡᠭᠦᠨ ᠤ ᠲᠦᠭᠦᠷᠢᠭ ᠬᠡᠯᠪᠡᠷᠢ ᠪᠦᠬᠦᠢ ᠬᠦᠳᠡᠯᠭᠡᠭᠡᠨ ᠤ ᠬᠡᠰᠡᠭ ᠲᠠᠯ ᠠ ᠵᠢ ᠲᠠᠰᠤᠯᠤᠨ ᠠᠪᠬᠤ ᠪᠣᠶᠣ ᠡᠰᠡᠬᠦᠯ ᠠ ᠠᠯᠢ ᠣᠯᠠᠨ ᠲᠦᠭᠦᠷᠢᠭ ᠬᠡᠯᠪᠡᠷᠢ ᠶᠢᠨ ᠰᠣᠯᠢᠪᠴᠠᠯ ᠤᠨ ᠴᠢᠭ ᠢ ᠠᠳᠬᠤᠨ ᠠᠪᠴᠤ᠂ ᠵᠣᠬᠢᠶᠠᠯ ᠪᠦᠲᠦᠭᠡᠯ ᠤᠨ ᠢᠢᠡᠨ ᠪᠣᠢ ᠪᠦᠬᠦᠢ ᠬᠦᠦᠷᠨᠢᠯ ᠳ᠋ᠤ ᠦᠨᠢᠷ ᠪᠠᠶᠠᠯᠢᠭ ᠪᠣᠯᠵᠤᠯᠲᠤ ᠲᠣᠭᠠᠲᠤ ᠮᠠᠲ᠋ᠸᠷᠢᠶᠠᠯ ᠬᠠᠩᠭᠠᠳᠠᠭ᠃ᠡᠭᠦᠨ ᠳ᠋ᠤ ᠠᠷᠭ᠎ᠠ ᠪᠢᠯᠢᠭ ᠤᠨ ᠬᠣᠶᠠᠷ ᠲᠦᠢᠯ ᠨᠢ ᠡᠨᠡᠬᠦ ᠲᠦᠭᠦᠷᠢᠭ ᠬᠡᠯᠪᠡᠷᠢ ᠪᠦᠬᠦᠢ ᠪᠦᠲᠦᠴᠡ ᠶᠢᠨ ᠡᠷᠭᠢᠯᠳᠦᠬᠦ ᠬᠦᠳᠡᠯᠭᠡᠭᠡᠨ ᠪᠣᠯᠤᠨ ᠡᠪᠳᠡᠷᠡᠯ ᠰᠦᠢᠷᠡᠯ ᠤᠨ ᠬᠢᠨᠢ ᠲᠣᠳᠤᠭᠠᠳᠤ ᠬᠦᠳᠡᠯᠭᠡᠬᠦ ᠬᠦᠴᠦᠨ ᠪᠣᠯᠬᠤ ᠲᠤᠯᠠ ᠲᠡᠳᠡᠭᠡᠷ ᠤᠨ ᠣᠷᠤᠨ ᠵᠠᠢ ᠶᠢᠨ ᠪᠠᠢᠷᠢᠰᠢᠯ ᠨᠢ ᠬᠠᠷᠢᠯᠴᠢᠨ ᠠᠯᠤᠰᠯᠠᠭᠳᠠᠨ᠂ ᠬᠠᠷᠢᠯᠴᠠᠨ ᠡᠰᠡᠷᠭᠦᠴᠡᠯᠳᠦᠵᠦ᠂ ᠬᠠᠷᠢᠯᠴᠠᠨ ᠣᠷᠢᠲᠤᠨ᠂ ᠬᠠᠷᠢᠯᠴᠠᠨ ᠵᠠᠢᠳᠠᠵᠤ᠂ ᠬᠠᠷᠢᠯᠴᠠᠨ ᠠᠬᠤᠭᠤᠯᠤᠨ᠂ ᠬᠠᠷᠢᠯᠴᠠᠨ ᠭᠠᠳᠠᠭᠤᠷᠴᠢᠯᠠᠬᠤ ᠵᠡᠷᠭᠡ ᠬᠡᠯᠪᠡᠷᠢ ᠮᠠᠶᠢᠭ ᠢᠢᠡᠷ ᠣᠷᠤᠰᠢᠵᠤ᠂ ᠲᠡᠬᠢᠨ ᠪᠠᠰᠠ ᠬᠦᠦᠷᠨᠢᠬᠦ ᠦᠢᠯᠡ ᠳ᠋ᠤ ᠡᠰᠡᠷᠭᠦᠴᠡᠯᠳᠦᠬᠦ᠂ᠡᠪᠯᠡᠷᠡᠬᠦ᠂ ᠬᠤᠪᠢᠷᠠᠬᠤ ᠵᠡᠷᠭᠡ ᠠᠮᠢᠯᠠᠯ ᠤᠨ ᠬᠦᠴᠦᠨ ᠤᠯᠭᠤᠳᠠᠭ᠃ ᠡᠢᠮᠦ ᠡᠴᠡ᠂ ᠡᠨᠡᠬᠦ ᠲᠦᠭᠦᠷᠢᠭ ᠬᠡᠯᠪᠡᠷᠢ ᠪᠦᠬᠦᠢ ᠪᠦᠲᠦᠴᠡ ᠪᠠ ᠠᠷᠭ᠎ᠠ ᠪᠢᠯᠢᠭ ᠤᠨ ᠬᠠᠷᠢᠯᠴᠠᠨ ᠬᠦᠳᠡᠯᠭᠡᠬᠦ ᠬᠡᠯᠪᠡᠷᠢ ᠮᠠᠶᠢᠭ ᠨᠢ ᠮᠣᠩᠭᠤᠯ ᠡᠷᠲᠡᠨ ᠤ ᠬᠦᠦᠷᠨᠢᠯ ᠤᠨ ᠤᠷᠠᠨ ᠵᠣᠬᠢᠶᠠᠯ ᠳ᠋ᠤ ᠡᠷᠬᠢᠯᠳᠦᠨ ᠬᠦᠳᠡᠯᠬᠦ ᠬᠠᠷᠭᠠᠰᠤ ᠠᠪᠬᠤ ᠪᠠ ᠡᠷᠬᠢᠯᠳᠦᠨ ᠬᠦᠳᠡᠯᠬᠦ ᠣᠯᠠᠨ ᠡᠬᠢᠯᠠᠯᠲᠠ ᠬᠢᠭᠡᠳ ᠣᠯᠠᠨ ᠲᠠᠪᠬᠤᠭᠤᠷᠯᠢᠭ ᠢ ᠲᠠᠪᠠᠭᠰᠠᠨ ᠣᠨᠴᠠᠯᠢᠭ ᠢ ᠲᠤᠭᠲᠠᠭᠠᠭᠰᠠᠨ ᠵᠡᠷᠭᠡ ᠵᠢ ᠦᠭᠦᠯᠡᠵᠡᠢ᠃
Original Literature No Original Paper
出自 内蒙古师范大学学报 1998年 第2期

联系我们


内蒙古大学图书馆
呼和浩特市大学西路235号
中国·内蒙古
P: (0471) 4992561
E: huangfeilong@imu.edu.cn