Paper Information


Title 《ᠠᠨᠳᠠᠢ ᠰᠤᠶᠤᠯ》ᠭᠡᠬᠦ ᠶᠢᠨ ᠤᠴᠢᠷ ——《ᠠᠨᠳᠠᠢ ᠶᠢᠨ ᠪᠦᠷᠢᠨ ᠪᠢᠴᠢᠭ᠌》᠋ ᠦᠨ ᠶᠡᠷᠦᠩᠬᠡᠢ ᠣᠷᠤᠰᠢᠯ
Creator ᠰᠦᠶᠦᠭᠡ
Keyword ᠠᠨᠳᠠᠢ; ᠠᠨᠳᠠᠢ ᠰᠤᠶᠤᠯ; 《ᠠᠨᠳᠠᠢ ᠶᠢᠨ ᠪᠥᠷᠢᠨ ᠪᠢᠴᠢᠭ᠌》
Abstract ᠠᠨᠳᠠᠢ ᠪᠤᠯ ᠮᠣᠩ᠋ᠭᠤᠯᠴᠤᠳ ᠪᠤᠯᠤᠨ ᠤᠮᠠᠷᠠᠲᠤ ᠦᠨᠳᠦᠰᠦᠲᠡᠨ ᠦ ᠤᠵᠠᠭᠤᠷ ᠰᠤᠶᠤᠯ ᠤᠬᠠᠮᠰᠠᠷ ᠤᠨ ᠬᠦᠷᠦᠰᠦᠨ ᠳᠡᠭᠡᠷ᠎ᠡ ᠠᠶᠠᠨᠳᠠᠭᠠᠨ ᠨᠠᠬᠢᠶᠠᠯᠠᠨ ᠤᠷᠭᠤᠵᠤ ᠭᠠᠷᠤᠭᠰᠠᠨ ᠰᠤᠶᠤᠯ ᠤᠨ ᠦᠵᠡᠭᠳᠡᠯ ᠮᠦᠨ᠃ ᠲᠡᠷᠡ ᠤᠵᠠᠭᠤᠷ ᠢᠷᠭᠡᠳ ᠦᠨ ᠰᠢᠲᠦᠯᠭᠡ ᠪᠢᠰᠢᠷᠡᠯ ᠦᠨ ᠤᠬᠠᠮᠰᠠᠷ᠂ ᠳᠠᠭᠤᠯᠠᠵᠤ ᠳᠡᠪᠰᠡᠬᠦ ᠤᠷᠠᠯᠢᠭ ᠤᠨ ᠰᠠᠭᠤᠷᠢᠨ ᠳᠤ ᠦᠨᠳᠦᠰᠦᠯᠡᠵᠦ᠂ ᠠᠯᠭᠤᠷ ᠢᠶᠠᠷ ᠪᠡᠶ᠎ᠡ ᠪᠡᠨ ᠳᠠᠭᠠᠭᠠᠭᠰᠠᠨ ᠠᠨᠳᠠᠢ ᠭᠡᠬᠦ ᠬᠡᠯᠪᠡᠷᠢ ᠪᠡᠷ ᠰᠢᠨ᠎ᠡ ᠬᠦᠭ᠍ᠵᠢᠯ ᠦᠨ ᠵᠠᠮ ᠢᠶᠠᠨ ᠨᠡᠭᠡᠭᠡᠵᠡᠢ᠃ ᠪᠠᠷᠤᠭ 17᠋ ᠳᠤᠭᠠᠷ ᠵᠠᠭᠤᠨ ᠠᠴᠠ ᠢᠨᠠᠭᠰᠢ ᠬᠤᠶᠠᠳᠤᠭᠠᠷ ᠬᠦᠭ᠍ᠵᠢᠯ ᠦᠨ ᠱᠠᠲᠤᠨ ᠳᠤ ᠪᠡᠨ ᠳᠡᠪᠰᠢᠨ ᠣᠷᠤᠵᠤ᠂ ᠠᠨᠳᠠᠢ ᠭᠡᠬᠦ ᠲᠤᠰᠬᠠᠢ ᠨᠡᠷ᠎ᠡ ᠪᠤᠶᠤ ᠬᠡᠯᠪᠡᠷᠢ ᠣᠷᠤᠰᠢᠨ ᠲᠤᠭᠲᠠᠨᠢᠵᠤ᠂ ᠭᠤᠤᠯᠳᠠᠭᠤ ᠵᠠᠯᠠᠭᠤ ᠡᠮᠡᠭᠲᠡᠢ (ᠥᠬᠢᠳ ᠪᠡᠷᠢᠶᠡᠳ) ᠡᠪᠡᠳᠴᠢᠲᠡᠨ ᠦ ᠬᠦᠢᠲᠡᠨ ᠡᠪᠡᠳᠴᠢᠨ ᠪᠤᠶᠤ ᠰᠡᠳᠬᠢᠯ ᠦᠨ ᠡᠪᠡᠳᠴᠢᠨ ᠢ ᠵᠠᠰᠠᠬᠤ ᠪᠠᠷ ᠣᠨᠴᠠᠯᠢᠭ ᠢᠶᠠᠨ ᠪᠤᠯᠭᠠᠭᠰᠠᠨ ᠣᠯᠠᠨ ᠲᠦᠮᠡᠨᠴᠢ ᠴᠢᠨᠠᠷᠲᠠᠢ ᠳᠠᠭᠤᠤ ᠪᠦᠵᠢᠭ᠌᠂ ᠰᠤᠶᠤᠯ ᠤᠷᠠᠯᠢᠭ ᠪᠤᠯᠵᠤ ᠬᠦᠭ᠍ᠵᠢᠵᠡᠢ᠃ ᠣᠳᠣ ᠰᠢᠨ᠎ᠡ ᠠᠨᠳᠠᠢ ᠬᠦᠭ᠍ᠵᠢᠭᠡᠳ ᠳᠠᠭᠤᠤ᠂ ᠪᠥᠵᠢᠭ᠌᠂ ᠰᠢᠯᠦᠭ᠂ ᠲᠤᠭᠤᠵᠢᠰ᠂ ᠵᠦᠴᠦᠭᠡ ᠮᠡᠲᠦ ᠪᠡᠷ ᠤᠷᠠᠯᠢᠭ ᠤᠨ ᠣᠯᠠᠨ ᠲᠦᠷᠦᠯ ᠵᠤᠢ᠌ᠯ ᠵᠦᠭ ᠤᠯᠠᠷᠢᠨ ᠬᠦᠭ᠍ᠵᠢᠵᠦ ᠪᠠᠢ᠌ᠨ᠎ᠠ᠃
Original Literature View Original Paper
出自 内蒙古民族大学学报(社会科学) 2011年 第1期

联系我们


内蒙古大学图书馆
呼和浩特市大学西路235号
中国·内蒙古
P: (0471) 4992561
E: huangfeilong@imu.edu.cn