Title |
ᠴᠠᠭᠠᠷᠢᠭ ᠡᠾᠧᠺᠰᠠᠨᠤᠯ ᠤᠨ ᠤᠰᠤ ᠦᠭᠡᠶᠢᠳᠡᠬᠦ ᠤᠷᠪᠠᠯ ᠤᠨ ᠬᠦᠳᠡᠯᠭᠡᠭᠡᠨ ᠬᠦᠴᠦᠨ ᠵᠦᠢ ᠶᠢᠨ ᠲᠤᠬᠠᠢ ᠰᠤᠳᠤᠯᠤᠯ |
Creator |
ᠪᠠᠲᠤ; ᠤᠶᠤᠨ; ᠱᠤᠸᠠᠩ ᠮᠧᠢ |
Keyword |
ᠴᠠᠭᠠᠷᠢᠭ ᠡᠾᠧᠺᠰᠠᠨᠤᠯ; ᠴᠠᠭᠠᠷᠢᠭ ᠡᠾᠧᠺᠰᠸᠠ; ᠠᠷᠭ᠎ᠠ ᠢᠶᠤᠨ ᠰᠤᠯᠢᠯᠴᠠᠭᠤᠯᠬᠤ ᠳᠠᠪᠠᠷᠬᠠᠢ; ᠤᠰᠤ ᠦᠭᠡᠶᠢᠳᠡᠬᠦ; ᠬᠦᠳᠡᠯᠭᠡᠭᠡᠨ ᠬᠦᠴᠦᠨ ᠵᠦᠢ |
Abstract |
ᠠᠷᠭ᠎ᠠ ᠢᠶᠤᠨ ᠰᠤᠯᠢᠯᠴᠠᠭᠤᠯᠬᠤ ᠳᠠᠪᠠᠷᠬᠠᠢ ᠪᠠᠷ ᠲᠦᠷᠭᠡᠳᠭᠡᠭᠦᠷ ᠪᠤᠯᠭᠠᠵᠤ᠂ ᠴᠠᠭᠠᠷᠢᠭ ᠡᠾᠧᠺᠰᠠᠨᠤᠯ ᠤᠨ ᠤᠰᠤ ᠦᠭᠡᠶᠢᠳᠡᠬᠦ ᠤᠷᠪᠠᠯ ᠤᠨ ᠬᠦᠳᠡᠯᠭᠡᠭᠡᠨ ᠬᠦᠴᠦᠨ ᠵᠦᠢ ᠶᠢᠨ ᠲᠤᠬᠠᠢ ᠰᠤᠳᠤᠯᠬᠤ ᠪᠠᠷ ᠳᠠᠮᠵᠢᠨ ᠴᠠᠭᠠᠷᠢᠭ ᠡᠾᠧᠺᠰᠸᠠ ᠢ ᠨᠡᠢᠯᠡᠯᠭᠡᠵᠢᠭᠦᠯᠬᠦ ᠮᠡᠷᠭᠡᠵᠢᠯ ᠳᠦ ᠣᠨᠣᠯ ᠤᠨ ᠪᠠᠷᠢᠮᠲᠠ ᠣᠯᠭᠤᠭᠰᠠᠨ ᠪᠠᠢᠨ᠎ᠠ᠃ ᠲᠤᠰ ᠦᠭᠦᠯᠡᠯ ᠳᠦ ᠭᠤᠤᠯᠳᠠᠭᠤ ᠲᠦᠷᠭᠡᠳᠭᠡᠭᠦᠷ ᠦᠨ ᠮᠦᠬᠦᠯᠢᠭ ᠦᠨ ᠶᠡᠬᠡ ᠪᠠᠭ᠎ᠠ᠂ ᠲᠦᠷᠭᠡᠳᠭᠡᠭᠦᠷ ᠦᠨ ᠬᠡᠮᠵᠢᠶ᠎ᠡ᠂ ᠤᠰᠤ᠂ ᠤᠷᠪᠠᠯ ᠤᠨ ᠳᠤᠯᠠᠭᠠᠨ ᠵᠡᠷᠭᠡ ᠶᠢᠨ ᠤᠷᠪᠠᠯ ᠳᠤ ᠦᠵᠡᠭᠦᠯᠬᠦ ᠨᠦᠯᠦᠭᠡ ᠶᠢ ᠰᠤᠳᠤᠯᠵᠠᠢ᠃ ᠲᠤᠷᠰᠢᠯᠲᠠ ᠶᠢᠨ ᠦᠷ᠎ᠡ ᠳ᠋ᠦᠩ ᠡᠴᠡ ᠮᠡᠳᠡᠬᠦ ᠨᠢ᠄ ᠲᠦᠷᠭᠡᠳᠭᠡᠭᠦᠷ ᠦᠨ ᠮᠦᠬᠦᠯᠢᠭ ᠦᠨ ᠳ᠋ᠢᠶᠠᠮᠧᠲ᠋ᠷ ᠨᠢ ᠶᠡᠬᠡᠰᠪᠡᠯ ᠤᠷᠪᠠᠯ ᠤᠨ ᠬᠤᠷᠳᠤᠯᠠᠮᠵᠢ ᠪᠠᠭᠠᠰᠤᠨ᠎ᠠ᠂ ᠲᠦᠷᠭᠡᠳᠭᠡᠭᠦᠷ ᠦᠨ ᠬᠡᠮᠵᠢᠶ᠎ᠡ ᠨᠡᠮᠡᠭᠳᠡᠪᠡᠯ ᠤᠷᠪᠠᠯ ᠤᠨ ᠬᠤᠷᠳᠤᠯᠠᠮᠵᠢ ᠶᠡᠬᠡᠰᠦᠨ᠎ᠡ᠃ ᠤᠰᠤ ᠪᠤᠯ ᠲᠤᠰ ᠤᠷᠪᠠᠯ ᠳᠤ ᠬᠠᠷᠰᠢᠯᠠᠬᠤ ᠦᠢᠯᠡᠳᠦᠯ ᠦᠵᠡᠭᠦᠯᠦᠨ᠎ᠡ᠃ ᠤᠷᠪᠠᠯ ᠤᠨ ᠳᠤᠯᠠᠭᠠᠨ ᠳᠡᠭᠡᠭᠰᠢᠯᠡᠪᠡᠯ ᠤᠷᠪᠠᠯ ᠤᠨ ᠬᠤᠷᠳᠤᠯᠠᠮᠵᠢ ᠳᠠᠭᠠᠯᠳᠤᠨ ᠶᠡᠬᠡᠰᠦᠨ᠎ᠡ᠃ ᠲᠤᠰ ᠤᠷᠪᠠᠯ ᠪᠤᠯ ᠲᠡᠭ ᠵᠡᠷᠭᠡᠲᠦ ᠤᠷᠪᠠᠯ ᠮᠦᠨ ᠭᠡᠳᠡᠭ ᠢ ᠲᠤᠷᠰᠢᠯᠲᠠ ᠭᠡᠷᠴᠢᠯᠡᠭᠰᠡᠨ ᠪᠠᠢᠨ᠎ᠠ᠃ ᠢᠳᠡᠪᠬᠢᠵᠢᠯᠲᠡ ᠶᠢᠨ ᠡᠨᠧᠷᠬᠢ ᠨᠢ 103.78kJ·mol-1 ᠪᠤᠯᠤᠨ᠎ᠠ᠃ |
Original Literature |
No Original Paper
|
出自 |
内蒙古师范大学学报(自然科学蒙古文版)
2009年
第3期
|