Paper Information


Title ᠮᠣᠩᠭᠤᠯ ᠵᠣᠬᠢᠶᠠᠯ ᠤᠨ ᠤᠨᠤᠯ ᠦᠭᠦᠯᠡᠬᠦᠢ ᠶᠢᠨ ᠰᠤᠷᠪᠤᠯᠵᠢᠰ ᠰᠣᠳᠣᠯᠣᠯ ᠤᠨ ᠭᠤᠷᠪᠠᠨ ᠪᠣᠳᠤᠯᠭ᠎ᠠ——ᠠ‍•ᠡᠷᠳᠡᠨᠢᠪᠠᠶᠠᠷ ᠤᠨ《ᠢᠰᠢᠪᠠᠯᠵᠤᠷ ᠤᠨ ᠰᠢᠯᠦᠭ ᠵᠦᠢ ᠶᠢᠨ ᠰᠣᠳᠣᠯᠣᠯ》 ᠤᠨ ᠲᠣᠬᠠᠢ
Creator ᠶᠤᠸᠠᠨ ᠴᠸᠩ
Keyword ᠮᠣᠩᠭᠤᠯ ᠵᠣᠬᠢᠶᠠᠯ ᠤᠨ ᠤᠨᠤᠯ ᠦᠭᠦᠯᠡᠬᠦᠢ; 《ᠢᠰᠢᠪᠠᠯᠵᠤᠷ ᠤᠨ ᠰᠢᠯᠦᠭ ᠵᠦᠢ ᠶᠢᠨ ᠰᠣᠳᠣᠯᠣᠯ》 ᠠ᠊•ᠡᠷᠳᠡᠨᠢᠪᠠᠶᠠᠷ ᠤᠨ ᠡᠷᠳᠡᠮ ᠰᠢᠨᠵᠢᠯᠡᠭᠡᠨ ᠤ ᠠᠷᠭ᠎ᠠ ᠵᠦᠢ
Abstract ᠠ᠊•ᠡᠷᠳᠡᠨᠢᠪᠠᠶᠠᠷ ᠤᠨ 《ᠢᠰᠢᠪᠠᠯᠵᠤᠤᠷ ᠤᠨ ᠰᠢᠯᠦᠭ ᠵᠦᠢ ᠶᠢᠨ ᠰᠣᠳᠣᠯᠣᠯ》ᠭᠡᠬᠦ ᠰᠣᠳᠤᠯᠭᠠᠨ ᠤ ᠪᠦᠲᠦᠭᠡᠯ ᠨᠢ ᠢᠰᠢᠪᠠᠯᠵᠤᠤᠷ ᠤᠨ ᠵᠣᠬᠢᠰᠲᠤ ᠠᠶᠠᠯᠭᠤᠨ ᠤ ᠦᠯᠢᠭᠡᠷ ᠦᠭᠦᠯᠡᠬᠦᠢ ᠬᠤᠶᠠᠷ ᠵᠣᠬᠢᠶᠠᠯ ᠢ ᠣᠷᠴᠢᠭᠤᠯᠵᠤ᠂ ᠲᠠᠢᠯᠪᠤᠷᠢᠯᠠᠵᠤ᠂ ᠰᠢᠭᠦᠮᠵᠢᠯᠡᠬᠦ ᠪᠡᠷ ᠲᠤᠤᠱᠯᠠᠭᠳᠠᠨ ᠶᠠᠪᠤᠭᠳᠠᠭᠰᠠᠨ ᠶᠣᠮ᠃ ᠣᠷᠴᠢᠭᠤᠯᠭ᠎ᠠ ᠨᠢ ᠰᠤᠳᠤᠯᠤᠭᠳᠠᠬᠤᠨ ᠤ ᠤᠤᠯ ᠲᠦᠷᠬᠦ ᠵᠢ ᠰᠡᠷᠭᠦᠭᠡᠵᠦ᠂ ᠤᠳᠬ ᠠ ᠴᠢᠨᠠᠷ ᠢ ᠲᠤᠳᠤᠷᠬᠠᠢᠯᠠᠬᠤ ᠳ᠋ᠤ ᠵᠣᠷᠢᠭᠤᠯᠤᠭᠰᠠᠨ ᠪᠣᠯ᠂ ᠲᠠᠢᠯᠪᠤᠷᠢᠯᠠᠯ ᠨᠢ ᠰᠣᠶᠣᠯ ᠬᠡᠯᠡᠨ ᠤ ᠠᠬᠤᠢ ᠵᠢ ᠲᠦᠷᠰᠦᠯᠡᠵᠦ᠂ ᠲᠸᠺᠰᠲ ᠤᠨ ᠤᠳᠬ ᠠ ᠵᠢ ᠲᠠᠢᠯᠪᠤᠷᠢᠯᠠᠬᠤ ᠳ᠋ᠤ ᠴᠢᠭᠯᠡᠭᠳᠡᠵᠡᠢ᠃ 《ᠬᠠᠷᠢᠴᠠᠭᠤᠯᠤᠭᠰᠠᠨ ᠰᠢᠯᠦᠭ ᠵᠦᠢ 》ᠶᠢᠨ ᠤᠨᠤᠯ ᠶᠣᠰᠤᠨ ᠤ ᠦᠨᠳᠦᠷᠴᠡ ᠡᠴᠡ ᠤᠨᠤᠭᠳᠠᠬᠤᠨ ᠢᠢᠡᠨ ᠭᠦᠢᠴᠡᠳ ᠡᠵᠡᠮᠰᠢᠨ ᠬᠦᠨᠵᠡᠭᠡᠢ ᠤᠬᠠᠭᠠᠷᠠᠨ ᠡᠭᠦᠳᠦᠨ ᠪᠦᠲᠦᠭᠡᠯᠴᠢ ᠪᠡᠷ ᠦᠨᠡᠯᠡᠵᠦ ᠦᠷᠲᠡᠭ ᠤᠨ ᠮᠠᠭᠠᠳᠯᠠᠯᠠ ᠬᠢᠬᠦ᠂ ᠲᠠᠷᠤᠢ ᠣᠳᠣᠬᠢᠴᠢ ᠤᠬᠠᠮᠰᠠᠷ ᠤᠨ ᠠᠮᠢᠭᠤᠯᠤᠯ ᠲᠤᠮᠳᠠᠬᠢ ᠬᠠᠷᠢᠴᠠᠭᠤᠯᠤᠭᠰᠠᠨ ᠰᠢᠯᠦᠭ ᠵᠦᠢ ᠶᠢᠨ ᠴᠣᠭᠴᠠᠯᠠᠯ ᠳ᠋ᠤ ᠬᠦᠷᠭᠡᠬᠦ ᠶᠠᠪᠤᠳᠠᠯ ᠨᠢ ᠰᠠᠶᠢ ᠰᠢᠭᠦᠮᠵᠢᠯᠡᠯ ᠤᠨ ᠭᠤᠤᠯ ᠵᠣᠷᠢᠯᠭ᠎ᠠ ᠶᠣᠮ᠃ ᠭᠡᠪᠡᠴᠦ ᠲᠤᠰ ᠪᠦᠲᠦᠭᠡᠯ ᠳ᠋ᠤ ᠰᠤᠤᠱᠲᠠᠢ ᠨᠡᠪᠲᠡᠷᠡᠨ ᠠᠰᠡ ᠴᠢᠳᠠᠭᠰᠠᠨ ᠪᠣᠯᠬᠤᠷ᠂ ᠲᠡᠭᠦᠨ ᠤ ᠡᠷᠲᠡᠮ ᠰᠢᠨᠵᠢᠯᠡᠭᠡᠨ ᠤ ᠬᠣᠵᠢᠮ ᠤᠨ ᠰᠣᠳᠤᠯᠭᠠᠨ ᠤ ᠡᠭᠦᠷᠭᠡ ᠪᠣᠯᠤᠨ ᠲᠠᠯᠪᠢᠭᠳᠠᠭᠰᠠᠨ ᠶᠣᠮ᠃ ᠡᠭᠦᠨ ᠢᠢᠡᠷ ᠦᠵᠡᠪᠡᠯ᠂ᠣᠷᠴᠢᠭᠤᠯᠬᠤ ᠲᠠᠢᠯᠪᠤᠷᠢᠯᠠᠬᠤ᠂ ᠰᠢᠬᠦᠮᠵᠢᠯᠡᠬᠦ ᠨᠢ ᠠ‍•ᠡᠷᠳᠡᠨᠢᠪᠠᠶᠠᠷ ᠤᠨ ᠮᠣᠩᠭᠤᠯ ᠵᠣᠬᠢᠶᠠᠯ ᠤᠨ ᠤᠨᠤᠯ ᠦᠭᠦᠯᠡᠬᠦᠢ ᠶᠢᠨ ᠰᠣᠷᠪᠤᠯᠵᠢᠰ ᠰᠣᠳᠣᠯᠣᠯ ᠤᠨ ᠡᠷᠳᠡᠮ ᠰᠢᠨᠵᠢᠯᠡᠭᠡᠨ ᠤ ᠠᠵᠢᠯ ᠤᠨ ᠬᠢᠨᠢ ᠲᠤᠯᠭ᠎ᠠ ᠶᠢᠨ ᠭᠤᠷᠪᠠᠨ ᠴᠢᠯᠠᠭᠤ ᠪᠣᠯᠤᠨ ᠵᠡᠷᠭᠡᠯᠡᠭᠳᠡᠵᠦ᠂ ᠰᠣᠳᠤᠯᠤᠭᠳᠠᠬᠤᠨ ᠳ᠋ᠠᠭᠠᠨ ᠪᠦᠬᠦᠯᠢ ᠴᠣᠭᠴᠠᠲᠤ ᠡᠵᠡᠮᠳᠡᠯ ᠬᠢᠬᠦ ᠦᠷᠭᠡᠨ ᠪᠣᠯᠤᠮᠵᠢ ᠵᠢ ᠤᠯᠭᠤᠭᠰᠠᠨ ᠲᠣᠳᠦᠢ ᠦᠭᠡᠢ᠂ ᠲᠡᠭᠦᠨ ᠤ ᠡᠷᠳᠡᠮ ᠰᠢᠨᠵᠢᠯᠡᠭᠡᠨ ᠤ ᠠᠷᠭ᠎ᠠ ᠵᠦᠢ ᠬᠢᠭᠡᠳ ᠦᠵᠡᠯ ᠰᠠᠨᠠᠭ᠎ᠠ ᠵᠢ ᠨᠢ ᠲᠤᠯᠭᠠᠭᠤᠷᠢᠯᠠᠨ ᠪᠣᠰᠬᠠᠬᠤ ᠳ᠋ᠤ ᠨᠢ ᠤᠨᠢ ᠬᠠᠨ ᠠ ᠪᠣᠯᠤᠯᠴᠠᠭᠰᠠᠨ ᠪᠠᠢᠨ᠎ᠠ᠃
Original Literature View Original Paper
出自 内蒙古师范大学学报 2010年 第2期

联系我们


内蒙古大学图书馆
呼和浩特市大学西路235号
中国·内蒙古
P: (0471) 4992561
E: huangfeilong@imu.edu.cn