Paper Information


Title 《ᠮᠤᠩᠭ᠋ᠤᠯ ᠡᠮ ᠢ ᠵᠦᠪ ᠲᠠᠨᠢᠬᠤ ᠲᠤᠯᠢ》 ᠳᠤ ᠬᠢ ᠮᠤᠩᠭ᠋ᠤᠯ ᠡᠮ ᠤᠨ ᠡᠨᠳᠡᠭᠦᠷᠡᠯ(ᠬᠤᠳᠬᠤᠯᠳᠤᠯ) ᠤᠨ ᠲᠤᠬᠠᠢ ᠠᠩᠬᠠᠨ ᠤ ᠰᠢᠨᠵᠢᠯᠡᠭᠡ
Creator ᠪᠤᠶᠠᠨᠳᠤ; ᠵᠤᠤ ᠪᠠᠢ ᠰᠦᠢ; ᠬᠦᠭ᠍ᠵᠢᠯᠪᠠᠳᠤ
Keyword ᠵᠠᠮᠪᠠᠯᠳᠤᠷᠵᠢ; ᠮᠤᠩᠭ᠋ᠤᠯ ᠠᠨᠠᠭᠠᠬᠤ ᠤᠬᠠᠭᠠᠨ; ᠮᠤᠩᠭ᠋ᠤᠯ ᠡᠮ; ᠡᠮᠳᠦ ᠪᠤᠳᠠᠰ ᠤᠨ ᠬᠤᠳᠬᠤᠯᠳᠤᠯ
Abstract 《ᠮᠤᠩᠭ᠋ᠤᠯ ᠡᠮ ᠢ ᠵᠦᠪ ᠲᠠᠨᠢᠬᠤ ᠲᠤᠯᠢ》ᠪᠤᠯ ᠮᠤᠩᠭ᠋ᠤᠯ ᠲᠦᠪᠡᠳ ᠤᠨ ᠰᠤᠶᠤᠯ ᠤᠨ ᠲᠡᠦᠬᠡᠨ ᠳᠤ《ᠨᠠᠢᠮᠠᠨ ᠲᠤᠢ᠌ᠨ》ᠬᠡᠮᠡᠨ ᠠᠯᠳᠠᠷᠰᠢᠭᠰᠠᠨ᠂ ᠦᠪᠦᠷ ᠮᠤᠩᠭ᠋ᠤᠯ ᠤᠨ ᠨᠠᠢᠮᠠᠨ ᠨᠤᠳᠤᠭ ᠲᠠᠢ ᠠᠯᠳᠠᠷᠳᠤ ᠪᠤᠷᠬᠠᠨ ᠱᠠᠰᠢᠨᠳᠠᠨ᠂ ᠮᠤᠩᠭ᠋ᠤᠯ ᠡᠮ ᠤᠨ ᠤᠬᠠᠭᠠᠨᠳᠠᠨ ᠵᠠᠮᠪᠠᠯᠳᠤᠷᠵᠢ ᠶᠢᠨ ᠰᠤᠳᠤᠨ ᠪᠦᠳᠦᠭᠡᠯ ᠪᠤᠯᠤᠨ᠎ᠠ᠃ ᠡᠨᠡ ᠬᠦ ᠪᠦᠳᠦᠭᠡᠯ ᠨᠢ ᠮᠤᠩᠭ᠋ᠤᠯ ᠠᠨᠠᠭᠠᠬᠤ ᠤᠬᠠᠭᠠᠨ ᠤ 3 ᠶᠡᠬᠡ ᠰᠤᠩᠭ᠋ᠤᠳᠠᠭ ᠵᠤᠬᠢᠶᠠᠯ ᠤᠨ ᠨᠢᠭᠡᠨ ᠪᠤᠯᠤᠭᠰᠠᠨ ᠤ ᠬᠤᠪᠢ ᠳᠤ ᠬᠢᠳᠠᠳ ᠠᠨᠠᠭᠠᠬᠤ ᠤᠬᠠᠭᠠᠨ ᠤ《ᠪᠸᠨ ᠼᠤᠤ ᠭᠠᠩ ᠮᠤ》᠂ ᠲᠦᠪᠡᠳ ᠠᠨᠠᠭᠠᠬᠤ ᠤᠬᠠᠭᠠᠨ ᠤ《ᠡᠮ ᠤᠨ ᠭᠭᠢᠷ ᠦᠭᠡᠢ ᠪᠤᠯᠤᠷ ᠡᠷᠢᠬᠡ》ᠲᠠᠢ ᠠᠳᠠᠯᠢ ᠪᠠᠷ ᠮᠤᠩᠭ᠋ᠤᠯ ᠠᠨᠠᠭᠠᠬᠤ ᠤᠬᠠᠭᠠᠨ ᠤ ᠬᠠᠮᠤᠭ ᠤᠨ ᠰᠢᠯᠢᠳᠡᠭ ᠮᠤᠩᠭ᠋ᠤᠯ ᠡᠮ ᠤᠨ ᠲᠤᠰᠬᠠᠢ ᠪᠦᠳᠦᠭᠡᠯ ᠪᠤᠯᠤᠨ᠎ᠠ᠃ ᠲᠤᠰ ᠪᠦᠳᠦᠭᠡᠯ ᠳᠤ ᠵᠠᠮᠪᠠᠯᠳᠤᠷᠵᠢ ᠡᠴᠡ ᠡᠮᠦᠨᠡᠬᠢ ᠮᠤᠩᠭ᠋ᠤᠯ ᠡᠮᠳᠦ ᠪᠤᠳᠠᠰ ᠤᠨ ᠲᠤᠬᠠᠢ ᠮᠠᠰᠢ ᠲᠡᠯᠭᠡᠷᠡᠩᠭᠦᠢ ᠮᠦᠷᠳᠡᠭᠡᠨ ᠭᠦᠨᠵᠡᠭᠡᠢ ᠮᠡᠳᠡᠯᠭᠡ ᠤᠬᠠᠭᠠᠨ ᠢ ᠲᠠᠢ᠌ᠯᠪᠤᠷᠢᠯᠠᠨ ᠲᠠᠨᠢᠯᠴᠠᠭᠤᠯᠤᠭᠰᠠᠨ ᠶᠢᠡᠷ ᠦᠯᠦ ᠪᠠᠷᠠᠮ ᠢᠯᠠᠩᠭ᠋ᠤᠶ᠎ᠠ ᠵᠠᠷᠢᠮ ᠮᠤᠩᠭ᠋ᠤᠯ ᠲᠦᠪᠡᠳ ᠠᠨᠠᠭᠠᠬᠤ ᠤᠬᠠᠭᠠᠨᠳᠠᠳ ᠤᠨ ᠡᠮ ᠤᠨ ᠲᠤᠬᠠᠢ ᠬᠤᠳᠬᠤᠯᠳᠤᠯ ᠢ ᠵᠠᠯᠠᠷᠠᠭᠤᠯᠤᠨ᠂ ᠡᠨᠳᠡᠭᠦᠷᠡᠯ ᠢ ᠠᠷᠢᠯᠭᠠᠭᠰᠠᠨ ᠶᠢᠡᠷ ᠶᠢᠡᠨ ᠡᠷᠳᠡᠮ ᠰᠢᠨᠵᠢᠯᠡᠭᠡ ᠬᠢᠭᠡᠳ ᠡᠮᠴᠢᠯᠡᠭᠡᠨ ᠤ ᠬᠡᠷᠡᠭᠯᠡᠭᠡᠨ ᠤ ᠦᠨ᠎ᠡ ᠦᠷᠳᠡᠭ ᠶᠢᠡᠷ ᠨᠡᠩ ᠦᠨᠳᠦᠷ ᠪᠤᠯᠤᠭᠰᠠᠨ ᠪᠠᠢ᠌ᠨ᠎ᠠ᠃
Original Literature View Original Paper
出自 内蒙古民族大学学报(自然科学) 2015年 第1期

联系我们


内蒙古大学图书馆
呼和浩特市大学西路235号
中国·内蒙古
P: (0471) 4992561
E: huangfeilong@imu.edu.cn