Paper Information


Title ᠮᠣᠩᠭ᠋ᠤᠯ ᠬᠡᠯᠡᠨ ᠦ 《ᠲᠦᠰᠢᠬᠦ》᠂ 《ᠰᠢᠲᠦᠬᠦ》 ᠭᠡᠰᠡᠨ ᠬᠤᠶᠠᠷ ᠦᠭᠡᠨ ᠦ ᠭᠠᠷᠤᠯ ᠡᠭᠦᠰᠦᠯ ᠦᠨ ᠲᠤᠬᠠᠢ
Creator ᠠᠪᠲᠤᠯᠯ᠎ᠠ · ᠪᠠᠢ ᠵᠢᠦ᠋ᠨ ᠷᠦᠢ
Keyword
Abstract ᠲᠤᠰ ᠦᠭᠦᠯᠡᠯ ᠳᠦ ᠂ ᠵᠤᠬᠢᠶᠠᠭᠴᠢ ᠮᠣᠩᠭ᠋ᠤᠯ ᠬᠡᠯᠡᠨ ᠦ 《ᠲᠦᠰᠢ‍》᠂ 《ᠰᠢᠳᠤ‍》 ᠭᠡᠰᠠᠡᠨ ᠬᠤᠶᠠᠷ ᠦᠭᠡᠨ ᠦ ᠠᠪᠢᠶᠠᠨ ᠪᠦᠲᠦᠴᠡ᠂ ᠤᠳᠬ᠎ᠠ ᠶᠢᠨ ᠪᠦᠲᠦᠴᠡ ᠪᠤᠯᠤᠨ ᠬᠡᠷᠡᠭᠯᠡᠭᠳᠡᠬᠦ ᠪᠠᠢ᠌ᠳᠠᠯ ᠵᠡᠷᠭᠡ ᠶᠢ ᠬᠠᠷᠢᠴᠠᠭᠤᠯᠵᠤ ᠰᠢᠨᠵᠢᠯᠡᠭᠰᠡᠨ ᠦ ᠰᠠᠭᠤᠷᠢᠨ ᠳᠡᠭᠡᠷ᠎ᠡ ᠡᠨᠡ ᠬᠤᠶᠠᠷ ᠦᠭᠡ ᠭᠠᠷᠤᠯ ᠡᠭᠦᠰᠦᠯ ᠦᠨ ᠲᠠᠯ᠎ᠠ ᠪᠠᠷ ᠤᠤᠯ ᠨᠢ ᠨᠢᠭᠡ ᠦᠭᠡ ᠪᠠᠢ᠌ᠭᠠᠳ t᠂ s ᠬᠤᠶᠠᠷ ᠠᠪᠢᠶᠠᠨ ᠤ ᠲᠤᠩ᠋ᠭ᠋ᠤᠷᠤᠯ ᠢᠶᠠᠷ ᠬᠤᠶᠠᠷ ᠦᠭᠡᠷ᠎ᠡ ᠦᠭᠡ ᠪᠤᠯᠵᠤ ᠰᠡᠯᠪᠦᠷᠢᠯᠡᠵᠡᠢ ᠭᠡᠰᠡᠨ ᠳᠠᠭᠠᠮᠠᠭ ᠳᠤᠷᠠᠳᠤᠭᠠᠳ᠂ ᠠᠳᠠᠯᠢ ᠪᠤᠰᠤ ᠴᠠᠭ ᠦᠶ᠎ᠡ ᠶᠢᠨ ᠮᠣᠩᠭ᠋ᠤᠯ ᠬᠡᠯᠡ᠂ ᠮᠣᠩᠭ᠋ᠤᠯ ᠲᠦᠷᠦᠯ ᠬᠡᠯᠡ᠂ ᠠᠶᠠᠯᠭᠤ ᠨᠤᠭᠤᠳ᠂ ᠴᠢᠨᠠᠭᠰᠢᠯᠠᠪᠠᠯ ᠠᠯᠳᠠᠷ ᠢᠵᠠᠭᠤᠷ ᠬᠡᠯᠡ ᠨᠦᠬᠦᠳ ᠦᠨ ᠬᠠᠮᠢᠶ᠎ᠠ ᠪᠦᠬᠦᠢ ᠵᠢᠱᠶᠡᠳ ᠢᠶᠡᠷ ᠲᠡᠭᠦᠨ ᠢᠶᠡᠨ ᠪᠠᠲᠤᠯᠠᠭᠰᠠᠨ ᠢᠶᠠᠷ ᠪᠠᠷᠠᠬᠤ ᠦᠭᠡᠢ᠂ ᠨᠢᠭᠡ ᠦᠭᠡᠨ ᠡᠴᠡ ᠬᠤᠶᠠᠷ ᠦᠭᠡ ᠪᠤᠯᠵᠤ ᠰᠠᠯᠪᠤᠷᠢᠯᠠᠭᠰᠠᠨ ᠶᠠᠪᠤᠴᠠ ᠶᠢ ᠨᠢ ᠴᠤ ᠨᠤᠲᠠᠯᠠᠬᠤ ᠪᠠᠷ ᠴᠢᠷᠮᠠᠢ᠌ᠵᠠᠢ᠃ ᠦᠭᠦᠯᠡᠯ ᠳᠦ ᠂ ᠠᠪᠢᠶ᠎ᠠ ᠲᠤᠩᠭ᠋ᠤᠷᠤᠯ ᠢᠶᠠᠷ ᠳᠠᠮᠵᠢᠭᠤᠯᠤᠨ ᠦᠭᠡ ᠪᠦᠲᠦᠭᠡᠬᠦ ᠨᠢ ᠮᠣᠩᠭ᠋ᠤᠯ ᠬᠡᠯᠡᠨ ᠦ ᠦᠭᠡ ᠪᠦᠲᠦᠭᠡᠬᠦ ᠨᠢᠭᠡ ᠵᠤᠢ᠌ᠯ ᠦᠨ ᠠᠷᠭ᠎ᠠ ᠪᠠᠷᠢᠯ ᠮᠦᠨ ᠭᠡᠵᠦ ᠳᠤᠷᠠᠳᠤᠭᠠᠳ᠂ 《ᠲᠠᠰᠤᠷᠠᠬᠤ tosuraxu᠂ ᠰᠠᠳᠠᠷᠠᠬᠤ sadaroxu》᠂ 《ᠲᠡᠰᠦᠷᠡᠬᠦ tesürexü᠂ ᠰᠡᠳᠡᠷᠡᠬᠦ setetexü》᠂ 《ᠬᠤᠷᠮᠤᠢ qormoi᠂ ᠬᠤᠢ᠌ᠮᠤᠷ qoyimor》 ᠵᠡᠷᠭᠡ ᠭᠤᠷᠪᠠᠨ ᠬᠤᠤᠰ ᠦᠭᠡ ᠶᠢ ᠴᠤ ᠮᠦᠨ ᠤᠤᠯ ᠨᠢ ᠲᠤᠰ ᠲᠤᠰ ᠨᠢᠭᠡ ᠦᠭᠡ ᠪᠠᠢ᠌ᠭᠠᠳ᠂ ᠠᠪᠢᠶ᠎ᠠ ᠲᠤᠩᠭ᠋ᠤᠷᠤᠯ ᠢᠶᠠᠷ ᠳᠠᠮᠵᠢᠨ ᠪᠡᠶ᠎ᠡ ᠪᠡᠨ ᠳᠠᠭᠠᠭᠠᠭᠰᠠᠨ ᠬᠤᠶᠠᠷ ᠦᠭᠡᠷ᠎ᠡ ᠦᠭᠡ ᠪᠤᠯᠵᠠᠢ ᠭᠡᠵᠦ ᠦᠵᠡᠭᠰᠡᠨ ᠪᠠᠢ᠌ᠨ᠎ᠠ᠃
Original Literature No Original Paper
出自 内蒙古大学学报 1996年 第4期

联系我们


内蒙古大学图书馆
呼和浩特市大学西路235号
中国·内蒙古
P: (0471) 4992561
E: huangfeilong@imu.edu.cn