Paper Information


Title ᠾᠦᠩᠨᠤ ᠶᠢᠨ ᠬᠡᠰᠡᠭ ᠦᠭᠡ ᠶᠢᠨ ᠰᠤᠶᠤᠯ ᠤᠨ ᠰᠡᠷᠭᠦᠭᠡᠯᠲᠡ (ᠭᠤᠷᠪᠠ)
Creator ᠤᠴᠠᠷᠠᠯᠲᠤ
Keyword
Abstract ᠲᠤᠰ ᠦᠭᠦᠯᠡᠯ ᠳᠦ ᠂ ᠾᠦᠩᠨᠤ ᠦᠶ᠎ᠡ ᠶᠢᠨ ᠮᠣᠩᠭ᠋ᠤᠯ ᠬᠡᠯᠡ ᠤᠷᠤᠭᠰᠢᠯᠠᠭᠰᠠᠨ ᠰᠢᠨᠵᠢ ᠲᠡᠢ ᠠᠪᠢᠶᠠᠯᠠᠭᠳᠠᠵᠤ ᠪᠠᠢ᠌ᠭᠰᠠᠨ ᠣᠨᠴᠠᠯᠢᠭ ᠢ ᠦᠨᠳᠦᠰᠦᠯᠡᠨ ᠣᠳᠣ ᠶᠢᠨ ᠮᠣᠩᠭ᠋ᠤᠯ ᠬᠡᠯᠡᠨ ᠳᠡᠭᠡᠷ᠎ᠡ᠂ ᠬᠤᠳᠤ᠂ ᠬᠤᠳᠤᠬᠤ᠂ ᠣᠩ᠋ᠭ᠋ᠤᠳ᠂ ᠰᠦᠨ ᠵᠡᠷᠭᠡ ᠦᠭᠡᠰ ᠢ ᠰᠡᠷᠭᠦᠭᠡᠪᠡ᠃ ᠰᠡᠷᠭᠦᠭᠡᠭ᠍ᠳᠡᠭᠰᠡᠨ ᠬᠤᠳᠤᠬᠤ ᠪᠤᠯᠤᠨ ᠣᠩᠭ᠋ᠤᠳ ᠬᠡᠮᠡᠬᠦ ᠦᠭᠡ ᠪᠤᠯ ᠾᠦᠩᠨᠤ ᠦᠶ᠎ᠡ ᠳᠦ ᠨᠤᠶᠠᠨ ᠵᠡᠷᠭᠡ ᠶᠢᠨ ᠨᠡᠷᠡᠢ᠌ᠳᠦᠯ ᠢᠶᠡᠷ ᠬᠡᠷᠡᠭᠯᠡᠭᠳᠡᠵᠦ ᠪᠠᠢ᠌ᠭᠰᠠᠨ ᠪᠠ ᠡᠨᠡ ᠨᠢ ᠳᠤᠮᠳᠠᠳᠤ ᠵᠠᠭᠤᠨ ᠤ ᠮᠣᠩᠭ᠋ᠤᠯᠴᠤᠳ ᠤᠨ ᠳᠤᠲᠤᠷ᠎ᠠ ᠴᠤᠯᠠ᠂ ᠵᠡᠷᠭᠡ᠂ ᠬᠦᠮᠦᠨ ᠦ ᠨᠡᠷ᠎ᠡ ᠪᠡ ᠣᠪᠤᠭ ᠠᠢ᠌ᠮᠠᠭ ᠤᠨ ᠨᠡᠷ᠎ᠡ ᠪᠡᠷ ᠬᠡᠷᠡᠭᠯᠡᠭᠳᠡᠭᠰᠡᠨ ᠰᠤᠶᠤᠯ ᠤᠨ ᠤᠳᠤᠮᠰᠢᠯ ᠢ ᠨᠢ ᠬᠠᠷᠢᠴᠠᠭᠤᠯᠤᠨ ᠦᠵᠡᠵᠦ᠂ ᠾᠦᠩᠨᠤ ᠰᠤᠶᠤᠯ ᠬᠢᠭᠡᠳ ᠮᠣᠩᠭ᠋ᠤᠯ ᠰᠤᠶᠤᠯ ᠠᠮᠢᠰᠬᠤᠯ ᠨᠢᠭᠡᠲᠡᠢ ᠪᠠᠢ᠌ᠳᠠᠭ ᠦᠵᠡᠭᠳᠡᠯ ᠦᠳ ᠢ ᠢᠯᠡᠷᠡᠭᠦᠯᠵᠡᠢ᠃ ᠾᠦᠩᠨᠤ ᠦᠭᠡᠰ ᠢ ᠰᠡᠷᠭᠦᠭᠡᠬᠦ ᠶᠠᠪᠤᠴᠠ ᠳᠤ ᠢᠯᠡᠷᠡᠭᠰᠡᠨ ᠠᠪᠢᠶᠠᠨ ᠤ ᠣᠨᠴᠠᠯᠢᠭ ᠢ 《ᠮᠣᠩᠭ᠋ᠤᠯ ᠤᠨ ᠨᠢᠭᠤᠴᠠ ᠲᠤᠪᠴᠢᠶᠠᠨ》᠋ ᠳᠠᠬᠢ ᠠᠳᠠᠯᠢ ᠦᠭᠡᠰ ᠲᠡᠢ ᠬᠠᠷᠢᠴᠠᠭᠤᠯᠤᠨ ᠦᠵᠡᠵᠦ᠂ 《ᠮᠣᠩᠭ᠋ᠤᠯ ᠤᠨ ᠨᠢᠭᠤᠴᠠ ᠲᠤᠪᠴᠢᠶᠠᠨ》 ᠪᠤᠯ ᠾᠦᠩᠨᠤ ᠦᠶ᠎ᠡ ᠶᠢᠨ ᠮᠣᠩᠭ᠋ᠤᠯ ᠬᠡᠯᠡᠨ ᠦ ᠠᠪᠢᠶᠠᠨ ᠤ ᠣᠨᠴᠠᠯᠢᠭ ᠢ ᠬᠠᠳᠠᠭᠠᠯᠠᠵᠤ ᠪᠠᠢ᠌ᠭ᠎ᠠ ᠮᠦᠷᠲᠡᠭᠡᠨ ᠣᠳᠣ ᠦᠶ᠎ᠡ ᠶᠢᠨ ᠮᠣᠩᠭ᠋ᠤᠯ ᠬᠡᠯᠡ ᠵᠦᠭ ᠰᠢᠯᠵᠢᠵᠦ ᠪᠠᠢ᠌ᠭ᠎ᠠ ᠰᠢᠯᠵᠢᠯᠲᠡ ᠶᠢᠨ ᠣᠨᠴᠠᠯᠢᠭ ᠲᠠᠢ ᠤᠴᠢᠷ ᠠᠴᠠ ᠾᠦᠩᠨᠤ ᠦᠭᠡᠰ ᠢ ᠣᠨᠣᠪᠴᠢᠲᠠᠢ ᠰᠡᠷᠭᠦᠭᠡᠬᠦ ᠪᠦᠷᠢᠨ ᠪᠤᠯᠤᠮᠵᠢ ᠪᠠᠢ᠌ᠬᠤ᠂ ᠵᠢᠴᠢ ᠵᠠᠷᠢᠮ ᠳᠠᠭᠠᠪᠤᠷᠢ ᠶᠢᠨ ᠬᠤᠪᠢᠷᠠᠯ ᠤᠨ ᠲᠤᠬᠠᠢ ᠣᠨᠣᠯ ᠤᠨ ᠲᠠᠯ᠎ᠠ ᠪᠠᠷ ᠬᠤᠷᠢᠶᠠᠩᠭ᠋ᠤᠢ᠌ᠯᠠᠬᠤ ᠭᠡᠵᠦ ᠠᠩ᠋᠋ᠬ᠎ᠠ ᠠᠯᠬᠤᠮ ᠤᠨ ᠵᠦᠢᠴᠢᠯᠡᠯ ᠬᠢᠭ᠍ᠰᠡᠨ ᠪᠠᠢ᠌ᠨ᠎ᠠ᠃ ᠾᠦᠩᠨᠤ ᠦᠭᠡ ᠬᠡᠳᠦᠢ᠌ᠪᠡᠷ ᠠᠯᠤᠰ ᠡᠷᠲᠡᠨ ᠦ ᠪᠤᠯᠵᠤ᠂ ᠠᠪᠢᠶ᠎ᠠ ᠪᠠ ᠤᠳᠬ᠎ᠠ ᠵᠡᠷᠭᠡ ᠲᠠᠯ᠎ᠠ ᠪᠠᠷ ᠲᠡᠭᠦᠨ ᠳᠦ ᠵᠤᠬᠢᠬᠤ ᠬᠡᠮᠵᠢᠶᠡᠨ ᠦ ᠬᠤᠪᠢᠷᠠᠯᠲᠠ ᠭᠠᠷᠤᠭᠰᠠᠨ ᠪᠤᠯᠪᠠᠴᠤ ᠬᠦᠮᠦᠰ ᠦᠨ ᠪᠤᠳᠠᠳᠠᠭ ᠰᠢᠭ ᠢᠶᠡᠷ ᠰᠡᠷᠭᠦᠭᠡᠵᠦ ᠴᠢᠳᠠᠰᠢ ᠦᠭᠡᠢ᠂ ᠣᠢ᠌ᠯᠠᠭᠠᠬᠤ ᠶᠢᠨ ᠠᠷᠭ᠎ᠠ ᠦᠭᠡᠢ ᠶᠠᠭᠤᠮ᠎ᠠ ᠪᠢᠰᠢ ᠭᠡᠳᠡᠭ ᠢ ᠦᠵᠡᠭᠦᠯᠬᠦ ᠶᠢᠨ ᠲᠦᠯᠦᠭᠡ 《ᠰᠦᠨ (ᠰᠦ᠋)》 ᠭᠡᠳᠡᠭ ᠦᠭᠡ ᠶᠢ ᠰᠡᠷᠭᠦᠭᠡᠪᠡ᠃ ᠡᠨᠡ ᠦᠭᠡᠨ ᠦ ᠡᠷᠲᠡᠨ ᠦ ᠠᠪᠢᠶ ᠠ ᠨᠢ ᠣᠳᠣ ᠶᠢᠨ ᠮᠣᠩᠭ᠋ᠤᠯ ᠬᠡᠯᠡᠨ ᠦ ᠭᠤᠷᠯᠤᠰ ᠠᠮᠠᠨ ᠠᠶᠠᠯᠭᠤᠨ ᠳᠤ ᠲᠡᠷᠡ ᠴᠢᠭ᠌ ᠢᠶᠡᠷ ᠢᠶᠡᠨ ᠬᠡᠷᠡᠭᠯᠡᠭᠳᠡᠭᠰᠡᠭᠡᠷ ᠲᠤᠯᠠ ᠬᠢᠲᠠᠳ ᠬᠡᠯᠡᠨ ᠦ ᠡᠷᠲᠡᠨ ᠦ ᠠᠪᠢᠶ ᠠ ᠪᠠᠷ ᠨᠢ ᠤᠩᠰᠢᠯ᠎ᠠ ᠴᠤ ᠭᠡᠰᠡᠨ ᠣᠢ᠌ᠯᠠᠭᠠᠵᠤ ᠪᠤᠯᠬᠤ ᠪᠦᠭᠡᠳ ᠾᠦᠩᠨᠤ ᠦᠶ᠎ᠡ ᠶᠢᠨ ᠵᠠᠷᠢᠮ ᠠᠪᠢᠶᠠᠨ ᠤ ᠣᠨᠴᠠᠯᠢᠭ ᠵᠠᠷᠢᠮ ᠨᠤᠲᠤᠭ ᠤᠨ ᠠᠶᠠᠯᠭᠤᠨ ᠳᠤ ᠣᠳᠣ ᠪᠤᠯᠲᠠᠯ᠎ᠠ ᠦᠯᠡᠳᠡᠭᠰᠡᠭᠡᠷ ᠪᠠᠢ᠌ᠭ᠎ᠠ ᠶᠢ ᠬᠠᠷᠠᠭᠤᠯᠤᠭᠰᠠᠨ ᠪᠠᠢ᠌ᠨ᠎ᠠ᠃
Original Literature No Original Paper
出自 内蒙古大学学报 1996年 第3期

联系我们


内蒙古大学图书馆
呼和浩特市大学西路235号
中国·内蒙古
P: (0471) 4992561
E: huangfeilong@imu.edu.cn