Paper Information


Title ᠮᠣᠩᠭ᠋ᠤᠯ ᠬᠡᠯᠡ ᠪᠢᠴᠢᠭ᠌ ᠤᠨ ᠰᠤᠷᠠᠭ ᠵᠠᠩᠭᠢ ᠰᠢᠢᠳᠪᠦᠷᠢᠯᠡᠯᠲᠡ ᠶᠢᠨ ᠲᠠᠯ ᠠ ᠡᠴᠡ ᠵᠢᠩᠭᠢᠨᠢ ᠨᠡᠷ ᠡ ᠶᠢᠨ ᠤᠳᠬ ᠠ ᠶᠢᠨ ᠲᠦᠷᠦᠯ  ᠤᠨ ᠤᠶᠠᠯᠳᠤᠭ᠋ ᠠ ᠵᠢ ᠰᠣᠳᠤᠯᠬᠤ ᠨᠢ
Creator  ᠳ᠋ᠣᠺᠲ᠋ᠤᠷ ᠬᠠᠢ ᠶᠢᠨ ᠬᠤᠸᠠ
Keyword ᠮᠣᠩᠭ᠋ᠤᠯ ᠬᠡᠯᠡ ᠪᠢᠴᠢᠭ᠌ ᠤᠨ ᠰᠤᠷᠠᠭ ᠵᠠᠩᠭᠢ ᠰᠢᠢᠳᠪᠦᠷᠢᠯᠡᠯᠲᠡ; ᠵᠢᠩᠭᠢᠨᠢ ᠨᠡᠷ ᠡ; ᠤᠶᠠᠯᠳᠤᠭ᠋ ᠠ ᠰᠣᠳᠣᠯᠣᠯ
Abstract ᠬᠡᠯᠡᠨ ᠤ ᠤᠳᠬ ᠠ ᠰᠣᠳᠣᠯᠣᠯ ᠢ ᠨᠠᠢᠢᠷᠠᠬᠤ ᠬᠠᠷᠢᠴᠠᠭ᠋ ᠠ ᠬᠦᠷᠲᠡᠯ ᠠ ᠦᠷᠭᠡᠳᠭᠡᠪᠡᠯ᠂ᠤᠳᠬ ᠠ ᠪᠠ ᠬᠡᠯᠡ ᠵᠦᠢ ᠶᠢᠨ ᠬᠠᠷᠢᠴᠠᠭᠠᠨ ᠤ ᠠᠰᠠᠭᠤᠳᠠᠯ ᠵᠠᠢᠢᠯᠠᠰᠢ ᠦᠭᠡᠢ ᠢᠯᠡᠷᠡᠵᠦ᠂ ᠦᠭᠡᠰ ᠤᠨ ᠤᠶᠠᠯᠳᠤᠭᠠᠨ ᠤ ᠠᠰᠠᠭᠤᠳᠠᠯ ᠡᠩ ᠲᠡᠷᠢᠭᠦᠨ ᠳᠤ ᠬᠣᠯᠪᠤᠭᠳᠠᠬᠤ ᠤᠴᠢᠷ ᠡᠴᠡ ᠬᠡᠯᠡ ᠰᠢᠨᠵᠢᠯᠡᠯ᠂ ᠬᠡᠯᠡ ᠤ ᠰᠤᠷᠭᠠᠯᠲᠠ ᠵᠡᠷᠭᠡ ᠳᠤ ᠦᠭᠡᠰ ᠤᠨ ᠤᠶᠠᠯᠳᠤᠭᠠᠨ ᠤ ᠲᠣᠬᠠᠢ ᠴᠢᠬᠤᠯᠠᠴᠢᠯᠠᠨ ᠰᠣᠳᠤᠯᠬᠤ ᠪᠣᠯᠵᠠᠢ᠃ ᠪᠠᠢᠢᠭᠠᠵᠢ ᠬᠡᠯᠡᠨ ᠤ ᠰᠤᠷᠠᠭ ᠵᠠᠩᠭᠢ ᠰᠢᠢᠳᠪᠦᠷᠢᠯᠡᠯᠲᠡ ᠶᠢᠨ ᠮᠠᠰᠢᠨ ᠣᠷᠴᠢᠭᠤᠯᠭ᠋ ᠠ ᠬᠢᠬᠦ᠂ᠠᠦ᠋ᠲ᠋ᠤᠴᠢᠯᠠᠨ ᠬᠠᠷᠭᠤᠭᠤᠯᠤᠲᠠ ᠬᠢᠬᠦ᠂ ᠲᠧᠺᠰᠲ ᠬᠠᠢᠢᠬᠤ ᠵᠡᠷᠭᠡ ᠣᠯᠠᠨ ᠲᠦᠷᠦᠯ ᠤᠨ ᠬᠡᠷᠡᠭᠯᠡᠭᠡᠨ ᠳᠤ ᠦᠭᠡ ᠬᠡᠯᠬᠢᠴᠡ᠂ ᠪᠡ ᠦᠭᠦᠯᠡᠪᠦᠷᠢ ᠶᠢᠨ ᠤᠳᠬ ᠠ ᠵᠢ ᠺᠣᠮᠫᠢᠤ᠋ᠲ᠋ᠧᠷ ᠲᠤ ᠣᠢᠯᠠᠭᠠᠭᠤᠯᠵᠤ ᠠᠦ᠋ᠲ᠋ᠤᠴᠢᠯᠠᠨ ᠰᠢᠢᠳᠪᠦᠷᠢᠯᠠᠬᠦ ᠳᠤ ᠵᠢᠩᠭᠢᠨᠢ ᠨᠡᠷ ᠡ ᠶᠢᠨ ᠲᠣᠲᠤᠭᠠᠳᠤ ᠶᠢᠨ ᠤᠳᠬ ᠠ ᠶᠢᠨ ᠲᠦᠷᠦᠯ ᠤᠨ ᠤᠶᠠᠯᠳᠤᠭ᠋ ᠠ ᠰᠣᠳᠣᠯᠣᠯ ᠨᠢ ᠬᠡᠯᠪᠡᠷᠢᠴᠢᠯᠡᠭᠰᠡᠨ ᠬᠡᠯᠡᠨ ᠤ ᠮᠡᠳᠡᠯᠭᠡ ᠬᠠᠩᠭᠠᠬᠤ ᠪᠣᠯᠤᠨ᠌ ᠠ᠃ ᠦᠭᠦᠯᠡᠯ ᠳᠤ ᠰᠣᠳᠤᠯᠭᠠᠨ ᠤ ᠰᠡᠳᠦᠪ ᠲᠤ ᠬᠤᠯᠪᠤᠭᠳᠠᠭᠤᠯᠤᠨ ᠤᠶᠠᠯᠳᠤᠯᠭ᠋ ᠠ ᠬᠢᠭᠡᠳ ᠲᠡᠭᠦᠨ ᠤ ᠣᠨᠴᠠᠯᠢᠭ᠂ᠲᠦᠷᠦᠯ ᠵᠦᠢᠯ ᠂ ᠰᠣᠳᠤᠯᠭᠠᠨ ᠤ ᠬᠠᠷᠭᠠᠰᠤ ᠵᠡᠷᠭᠡ ᠣᠨᠤᠯ  ᠤᠨ ᠵᠠᠷᠢᠮ ᠠᠰᠠᠭᠤᠳᠠᠯ ᠢ ᠲᠣᠳᠤᠷᠬᠠᠢᠯᠠᠭᠰᠠᠨ ᠰᠠᠭᠤᠷᠢ ᠲᠡᠭᠡᠷ ᠡ᠂ᠵᠢᠩᠭᠢᠨᠢ ᠨᠡᠷ ᠡ ᠶᠢᠨ ᠤᠳᠬ ᠠ ᠶᠢᠨ ᠲᠦᠷᠦᠯ ᠤᠨ ᠤᠶᠠᠯᠳᠤᠭ᠋ ᠠ ᠵᠢ ᠰᠣᠳᠤᠯᠭᠤ ᠠᠷᠭ᠋ ᠠ ᠶᠠᠪᠤᠴᠠ᠂ ᠤᠶᠠᠯᠳᠤᠭᠠᠨ ᠤ ᠲᠦᠷᠢᠮ ᠪᠠ ᠲᠡᠭᠦᠨ ᠤ ᠦᠯᠢᠭᠡᠷ ᠵᠢᠱᠢᠶ ᠡ ᠵᠡᠷᠭᠡ ᠵᠢ ᠰᠢᠨᠵᠢᠯᠡᠨ ᠦᠭᠦᠯᠡᠪᠡ᠃
Original Literature View Original Paper
出自 内蒙古社会科学(蒙文版) 2011年 第5期

联系我们


内蒙古大学图书馆
呼和浩特市大学西路235号
中国·内蒙古
P: (0471) 4992561
E: huangfeilong@imu.edu.cn