Title |
ᠴᠠᠭ᠋᠋ᠠᠨ ᠳᠠᠩ ᠤᠨ ᠵᠤᠷ ᠤᠨ ᠢᠷᠡᠯᠲᠡ ᠵᠢᠴᠢ ᠡᠮᠴᠢᠯᠡᠭᠡᠨ ᠳᠡᠬᠢ ᠬᠤᠪᠢᠰᠤᠩ᠋ᠭᠤᠢ ᠬᠡᠷᠡᠭᠯᠡᠯᠲᠡ |
Creator |
ᠵᠤᠤ ᠪᠠᠢ ᠰᠦᠢ; ᠯᠢᠦ ᠪᠤᠶᠠᠨ |
Keyword |
ᠮᠣᠩᠭᠤᠯ ᠠᠨ᠋ᠠᠭ᠋ᠠᠬᠤ ᠤᠬᠠᠭ᠋ᠠᠨ; ᠴᠠᠭ᠋ᠠᠨ ᠳᠠᠩ; ᠢᠷᠡᠯᠲᠡ; ᠬᠡᠷᠡᠭᠯᠡᠯᠲᠡ; ᠣᠨ᠋ᠣᠯ ᠰᠢᠨᠵᠢᠯᠡᠯ |
Abstract |
ᠴᠠᠭ᠋ᠠᠨ ᠳᠠᠩ ᠤᠨ ᠵᠤᠷ ᠤᠨ ᠢᠷᠡᠯᠲᠡ᠂ ᠬᠦᠯ ᠡᠮ ᠦᠨ ᠢᠵᠠᠭ᠋ᠤᠷ ᠲᠦᠷᠦᠯ ᠪᠡ ᠬᠤᠪᠢ ᠬᠡᠮᠵᠢᠶ᠎ᠡ ᠶᠢᠨ ᠲᠤᠬᠠᠢ ᠬᠠᠮᠢᠶ᠎ᠠ ᠪᠦᠬᠦᠢ ᠰᠤᠷᠪᠤᠯᠵᠢ ᠪᠢᠴᠢᠭ ᠡᠴᠡ ᠡᠰᠢ ᠲᠠᠲᠠᠨ ᠰᠢᠨᠵᠢᠯᠡᠭᠡ ᠬᠢᠭᠰᠡᠨ ᠪᠠᠢᠨ᠎ᠠ᠃ ᠡᠭᠦᠨ ᠦ ᠳ᠋ᠦᠩ ᠳᠦ ᠴᠠᠭ᠋ᠠᠨ ᠳᠠᠩ ᠪᠤᠯ ᠶᠠᠳᠠᠬᠤ ᠳᠠᠭ᠋ᠠᠨ ᠣᠨ ᠲᠤᠭ᠋ᠠᠯᠠᠯ ᠤᠨ 1—2᠋ ᠳᠤᠭ᠋ᠠᠷ ᠵᠠᠭ᠋ᠤᠨ ᠤ ᠦᠶ᠎ᠡ ᠳᠦ ᠡᠷᠲᠡᠨ ᠦ ᠡᠨ᠋ᠡᠳᠬᠡᠭ ᠦᠨ ᠠᠨ᠋ᠠᠭ᠋ᠠᠬᠤ ᠤᠬᠠᠭ᠋ᠠᠨ ᠳᠤ ᠡᠭᠦᠰᠴᠦ᠂ ᠲᠤᠬᠠᠢ ᠶᠢᠨ ᠦᠶ᠎ᠡ ᠶᠢᠨ ᠤᠯᠠᠮᠵᠢᠯᠠᠯᠲᠤ ᠠᠨ᠋ᠠᠭ᠋ᠠᠬᠤ ᠤᠬᠠᠭ᠋ᠠᠨ ᠤ ᠰᠤᠩᠭ᠋ᠤᠳᠠᠭ ᠵᠤᠬᠢᠶᠠᠯ ᠪᠤᠯᠬᠤ 《ᠵᠠᠭ᠋ᠤᠨ ᠨᠠᠢᠷᠠᠯᠭ᠋ᠠᠲᠤ》 ᠪᠤᠯᠤᠨ 《ᠡᠮ ᠵᠠᠰᠠᠯ ᠤᠨ ᠰᠠᠷᠠᠨ ᠬᠠᠭ᠋ᠠᠨ》 ᠳᠤ ᠲᠡᠮᠳᠡᠭᠯᠡᠭᠳᠡᠨ ᠤᠯᠠᠮᠵᠢᠯᠠᠭᠳᠠᠭᠰᠠᠨ ᠪᠦᠭᠡᠳ ᠲᠤᠰ ᠡᠮ ᠨᠠᠢᠷᠠᠯᠭ᠎ᠠ ᠶᠢᠨ ᠬᠠᠮᠤᠭ ᠠᠩᠬᠠᠨ ᠤ ᠨᠠᠢᠷᠠᠯᠭ᠎ᠠ ᠶᠢᠨ ᠪᠦᠷᠢᠯᠳᠦᠭᠦᠨ ᠨᠢ ᠣᠳᠣᠬᠢ ᠴᠠᠭ᠋ᠠᠨ ᠳᠠᠩ ᠤᠨ ᠨᠠᠢᠷᠠᠯᠭ᠎ᠠ ᠶᠢᠨ ᠪᠦᠷᠢᠯᠳᠦᠭᠦᠨ ᠲᠡᠢ ᠨᠡᠯᠢᠶᠡᠳ ᠵᠦᠷᠢᠶᠡᠨ ᠲᠡᠢ ᠪᠠᠢᠭᠰᠠᠨ ᠭᠡᠳᠡᠭ ᠢ ᠠᠩᠬ᠎ᠠ ᠤᠳᠠᠭ᠎ᠠ ᠢᠯᠡᠷᠡᠭᠦᠯᠵᠡᠢ᠃ ᠡᠭᠦᠨ ᠦ ᠬᠠᠮᠲᠤ ᠲᠤᠰ ᠡᠮ ᠨᠠᠢᠷᠠᠯᠭ᠎ᠠ ᠳᠤ ᠪᠦᠬᠦ ᠲᠠᠯ᠎ᠠ ᠪᠠᠷ ᠵᠠᠳᠠᠯᠤᠯᠲᠠ ᠬᠢᠬᠦ ᠪᠡ ᠳᠠᠮᠵᠢᠨ ᠴᠠᠭ᠋ᠠᠨ ᠳᠠᠩ ᠢ ᠲᠡᠦᠬᠡᠨ ᠡᠴᠡ ᠠᠪᠤᠭ᠋ᠠᠳ ᠡᠮᠴᠢᠯᠡᠭᠡᠨ ᠳᠡᠭᠡᠷ᠎ᠡ ᠪᠦᠷ ᠡᠪᠡᠳᠴᠢᠨ ᠦ ᠰᠢᠯᠲᠠᠭ᠋ᠠᠨ᠂ ᠴᠠᠭ ᠵᠡᠷᠭᠡ ᠲᠡᠢ ᠨᠢᠭᠲᠠ ᠤᠶᠠᠯᠳᠤᠭ᠋ᠤᠯᠵᠤ ᠬᠤᠪᠢᠰᠤᠩᠭ᠋ᠤᠢ ᠪᠠᠷ ᠤᠯᠠᠷᠢᠭ᠋ᠤᠯᠤᠨ ᠬᠡᠷᠡᠭᠯᠡᠵᠦ ᠪᠠᠢᠭᠰᠠᠨ ᠢ ᠳᠡᠯᠭᠡᠷᠭᠦᠯᠦᠨ ᠲᠠᠨ᠋ᠢᠯᠴᠠᠭ᠋ᠤᠯᠤᠭᠰᠠᠨ ᠪᠠᠢᠨ᠎ᠠ᠃ |
Original Literature |
No Original Paper
|
出自 |
内蒙古民族大学学报(自然科学)
2001年
第2期
|