Paper Information


Title 《ᠵᠠᠩᠭᠠᠷ ᠤᠨ ᠲᠤᠤᠯᠢ》ᠳ᠋ᠡᠬᠢ ᠴᠠᠭᠠᠨ ᠦᠩᠭᠡ ᠶᠢᠨ ᠲᠣᠬᠠᠢ ᠰᠢᠨᠵᠢᠯᠡᠯ
Creator ᠵᠠᠭᠠᠷ
Keyword
Abstract ᠲᠤᠰ ᠦᠭᠦᠯᠡᠯ ᠳ᠋ᠤ᠂ ᠷᠠᠰᠢᠳ᠋-ᠠᠳ᠋- ᠳ᠋ᠢᠨ ᠤ 《ᠰᠣᠳᠤᠷ ᠤᠨ ᠴᠢᠭᠤᠯᠭᠠᠨ》᠂《ᠮᠣᠨᠭᠤᠯ ᠤᠨ ᠨᠢᠭᠤᠴᠠ ᠲᠤᠪᠴᠢᠶᠠᠨ》᠂《ᠮᠠᠷᠺᠤ ᠫᠤᠯᠤ ᠶᠢᠨ ᠠᠶᠠᠯᠠᠯ ᠤᠨ ᠲᠡᠮᠳᠡᠭᠡᠯᠡᠯ》᠂《ᠵᠠᠩᠭᠠᠷ ᠤᠨ ᠲᠤᠤᠯᠢ》ᠵᠡᠷᠭᠡ ᠲᠡᠦᠬᠡ ᠰᠣᠳᠤᠷ᠂ ᠰᠤᠷᠪᠤᠯᠵᠢ ᠪᠢᠴᠢᠭ ᠤᠳ ᠲᠤ ᠭᠠᠷᠬᠤ ᠵᠢᠱᠢᠶ ᠡ ᠪᠠᠷᠢᠮᠲᠠ ᠳ᠋ᠤ ᠲᠤᠯᠭᠠᠭᠤᠷᠢᠯᠠᠨ ᠮᠣᠩᠭᠤᠯᠴᠤᠳ ᠤᠨ ᠴᠠᠭᠠᠨ ᠦᠩᠬᠡ ᠵᠢ ᠡᠷᠬᠢᠮᠯᠠᠨ ᠬᠦᠨᠳᠦᠳᠭᠡᠵᠦ ᠪᠠᠢᠭᠰᠠᠨ ᠲᠣᠬᠠᠢ ᠠᠩᠬ ᠠ ᠠᠯᠬᠤᠮ ᠤᠨ ᠠᠵᠢᠭᠯᠠᠯᠲᠠ ᠬᠢᠭᠰᠡᠨ ᠰᠠᠭᠤᠷᠢᠨ ᠳ᠋ᠤ《ᠵᠠᠩᠭᠠᠷ ᠤᠨ ᠲᠤᠤᠯᠢ》 ᠳ᠋ᠡᠬᠢ ᠴᠠᠭᠠᠨ ᠦᠩᠡ ᠲᠠᠢ ᠬᠤᠯᠪᠤᠭᠳᠠᠭᠰᠠᠠ ᠲᠦᠷᠢ ᠲᠦᠷᠰᠦᠯᠡᠯ ᠤᠨ ᠪᠣᠳᠠᠳᠤ ᠵᠢᠱᠢᠶ ᠡ ᠨᠤᠭᠦᠳ ᠢ ᠭᠤᠤᠯᠴᠢᠯᠠᠨ ᠪᠦᠷᠢᠳᠭᠡᠨ ᠰᠢᠨᠵᠢᠯᠡᠪᠡ᠃ ᠢᠩᠭᠢᠭᠡᠳ《ᠵᠠᠩᠭᠠᠷ ᠤᠨ ᠲᠤᠤᠯᠢ》ᠳ᠋ᠤ ᠢᠯᠡᠷᠡᠬᠦ ᠴᠠᠭᠠᠨ ᠦᠩᠭᠡ ᠵᠢ ᠡᠷᠬᠢᠮᠯᠡᠨ ᠬᠦᠨᠳᠦᠳᠭᠡᠳᠠᠭ᠌ ᠦᠵᠡᠯ ᠰᠡᠳᠭᠢᠯᠭᠡ ᠨᠢ ᠴᠭᠠᠨᠠ ᠦᠩᠭᠡ ᠪᠡᠷ ᠪᠣᠰᠤᠳᠴᠢ ᠣᠷᠤᠰᠢᠬᠤᠢ ᠪᠠ ᠪᠡᠶᠡᠴᠢ ᠠᠵᠢᠯᠯᠠᠭᠠᠨ ᠤ ᠬᠠᠮᠤᠭ ᠡᠷᠬᠢᠮ ᠲᠡᠭᠡᠳᠦ ᠶᠢᠨ ᠪᠡᠯᠭᠡ ᠲᠡᠮᠳᠡᠭ ᠪᠣᠯᠭᠠᠬᠤ; ᠶᠠᠭᠤᠮ ᠠ ᠦᠵᠡᠭᠳᠡᠯ ᠪᠣᠯᠤᠨ ᠬᠡᠷᠡᠭ ᠪᠣᠳᠠᠰ ᠤᠨ ᠦᠨᠡᠨ᠂ ᠰᠠᠢᠨ᠂ ᠰᠠᠢᠬᠠᠨ ᠤ ᠮᠦᠨ ᠴᠢᠨᠠᠷ ᠢ ᠲᠤᠳᠤᠳᠬᠠᠨ ᠢᠯᠡᠷᠡᠭᠦᠯᠬᠦ; ᠡᠷᠳᠡᠮ ᠴᠢᠳᠠᠪᠤᠷᠢ᠂ ᠤᠶᠠᠤᠨ ᠤᠬᠠᠭᠠᠨ ᠤ ᠡᠬᠢ ᠰᠤᠷᠪᠤᠯᠵᠢ ᠪᠣᠶᠣ ᠪᠡᠯᠭᠡᠳᠡᠯ ᠪᠣᠯᠭᠠᠬᠤ ᠦᠪᠡᠷᠮᠢᠴᠡ ᠣᠨᠴᠠᠯᠢᠭ ᠲᠠᠢ ᠪᠠᠢᠭᠰᠠᠨ ᠭᠡᠵᠦ ᠦᠵᠡᠭᠰᠡᠨ ᠪᠠᠢᠨ᠎ᠠ᠃
Original Literature No Original Paper
出自 内蒙古师范大学学报 1995年 第3期

联系我们


内蒙古大学图书馆
呼和浩特市大学西路235号
中国·内蒙古
P: (0471) 4992561
E: huangfeilong@imu.edu.cn