Paper Information


Title ᠮᠣᠩ᠋ᠭᠤᠯ ᠵᠠᠩ ᠦᠢᠯᠡ ᠶᠢᠨ ᠡᠭᠦᠰᠦᠯ ᠬᠦᠭ᠍ᠵᠢᠯ ᠦᠨ ᠦᠪᠡᠷᠮᠢᠴᠡ ᠣᠨᠴᠠᠯᠢᠭ ᠤᠨ ᠰᠢᠨᠵᠢᠯᠡᠯ
Creator ᠵᠠᠭᠠᠷ
Keyword ᠮᠣᠩ᠋ᠭᠤᠯ ᠵᠠᠩ ᠦᠢᠯᠡ; ᠡᠭᠦᠰᠦᠯ ᠬᠦᠭ᠍ᠵᠢᠯ; ᠦᠪᠡᠷᠮᠢᠴᠡ ᠣᠨᠴᠠᠯᠢᠭ
Abstract ᠲᠤᠰ ᠦᠭᠦᠯᠡᠯ ᠳᠦ ᠂ ᠮᠣᠩ᠋ᠭᠤᠯ ᠵᠠᠩ ᠦᠢᠯᠡ ᠶᠢᠨ ᠡᠭᠦᠰᠦᠯ ᠬᠦᠭ᠍ᠵᠢᠯ ᠦᠨ ᠦᠪᠡᠷᠮᠢᠴᠡ ᠣᠨᠴᠠᠯᠢᠭ ᠢ ᠬᠠᠢ᠌ᠨ ᠰᠢᠨᠵᠢᠬᠦ ᠳᠦ ᠪᠡᠨ ᠮᠣᠩ᠋ᠭᠤᠯ ᠵᠠᠩ ᠦᠢᠯᠡ ᠶᠢᠨ ᠡᠭᠦᠰᠦᠯ ᠦᠨ ᠰᠤᠷᠪᠤᠯᠵᠢ᠂ ᠦᠨᠳᠦᠰᠦ ᠰᠠᠭᠤᠷᠢ᠂ ᠤᠯᠠᠮᠵᠢᠯᠠᠯ ᠵᠠᠯᠭᠠᠮᠵᠢᠯᠠᠯ᠂ ᠤᠯᠠᠷᠢᠯ ᠬᠤᠪᠢᠷᠠᠯ ᠵᠡᠷᠭᠡ ᠬᠡᠳᠦᠨ ᠲᠠᠯ᠎ᠠ ᠠᠴᠠ ᠪᠤᠳᠠᠲᠤ ᠵᠠᠳᠠᠯᠤᠯᠲᠠ ᠭᠡᠵᠦ᠂ ᠮᠣᠩ᠋ᠭᠤᠯ ᠵᠠᠩ ᠦᠢᠯᠡ ᠨᠢ ᠡᠭᠦᠰᠴᠦ ᠬᠦᠭ᠍ᠵᠢᠬᠦ ᠳᠦ ᠪᠡᠨ ᠤᠮᠠᠷᠠᠲᠤ ᠶᠢᠨ ᠨᠡᠭᠦᠳᠡᠯᠴᠢᠳ ᠦᠨ ᠨᠡᠢ᠌ᠯᠡᠯᠢᠭ ᠰᠤᠶᠤᠯ ᠠᠴᠠ ᠡᠭᠦᠰᠪᠦᠷᠢᠯᠡᠵᠦ᠂ ᠦᠪᠡᠷᠮᠢᠴᠡ ᠣᠨᠴᠠᠯᠢᠭ ᠢᠶᠠᠷ ᠢᠶᠠᠨ ᠲᠤᠳᠤᠷᠠᠭᠰᠠᠨ; ᠨᠡᠭᠦᠳᠡᠯ ᠮᠠᠯᠵᠢᠯ ᠤᠨ ᠠᠵᠤ ᠠᠬᠤᠢ ᠳᠤ ᠰᠠᠭᠤᠷᠢᠯᠠᠵᠤ᠂ ᠪᠠᠶᠠᠯᠢᠭ ᠠᠭᠤᠯᠭ᠎ᠠ ᠪᠠᠷ ᠳᠡᠯᠡᠰᠢᠷᠡᠭᠰᠡᠨ; ᠤᠤᠷ ᠰᠤᠶᠤᠯ ᠤᠨ ᠤᠯᠠᠮᠵᠢᠯᠠᠯ ᠢᠶᠠᠨ ᠵᠠᠯᠭᠠᠮᠵᠢᠯᠠᠵᠤ᠂ ᠤᠤᠭᠠᠯ ᠰᠢᠨᠵᠢ ᠪᠡᠨ ᠬᠠᠳᠠᠭᠠᠯᠠᠭᠰᠠᠨ; ᠴᠠᠭ ᠦᠶ᠎ᠡ ᠶᠢᠨ ᠬᠦᠭ᠍ᠵᠢᠯ ᠲᠡᠢ ᠵᠤᠬᠢᠴᠠᠵᠤ᠂ ᠠᠮᠢᠯᠠᠯ ᠤᠨ ᠬᠦᠴᠦᠨ ᠢᠶᠡᠨ ᠭᠠᠢ᠌ᠬᠠᠭᠤᠯᠤᠭᠰᠠᠨ ᠦᠪᠡᠷᠮᠢᠴᠡ ᠣᠨᠴᠠᠯᠢᠭ ᠲᠠᠢ ᠭᠡᠵᠦ ᠬᠤᠷᠢᠶᠠᠩ᠋ᠭᠤᠢ᠌ᠯᠠᠨ ᠰᠢᠨᠵᠢᠯᠡᠪᠡ᠃
Original Literature View Original Paper
出自 蒙古学研究 2011年 第4期

联系我们


内蒙古大学图书馆
呼和浩特市大学西路235号
中国·内蒙古
P: (0471) 4992561
E: huangfeilong@imu.edu.cn