Title |
ᠰᠢᠪᠵᠡ ᠨᠤᠮ ᠤᠨ ᠬᠠᠭ᠋᠋ᠠᠨ ᠬᠢᠭᠡᠳ ᠲᠠᠪᠤᠳᠤᠭ᠋᠋ᠠᠷ ᠲᠠᠯᠠᠢ ᠯᠡᠮᠡ ᠶᠢᠨ ᠬᠠᠷᠢᠴᠠᠭ᠎ᠠ ᠬᠤᠯᠪᠤᠭ᠎ᠠ ᠶᠢᠨ ᠲᠤᠬᠠᠢ |
Creator |
ᠭᠸ • ᠨᠠᠮᠵᠢᠯ |
Keyword |
ᠰᠢᠪᠵᠡ ᠨᠤᠮ ᠤᠨ ᠬᠠᠭ᠋᠋ᠠᠨ; ᠲᠠᠪᠤᠳᠤᠭ᠋᠋ᠠᠷ ᠲᠠᠯᠠᠢ ᠯᠡᠮᠡ; ᠬᠠᠷᠢᠴᠠᠭ᠎ᠠ ᠬᠤᠯᠪᠤᠭ᠎ᠠ |
Abstract |
ᠰᠢᠪᠵᠡ ᠨᠤᠮ ᠤᠨ ᠬᠠᠭ᠋ᠠᠨ ᠪᠠᠨᠴᠢᠨ ᠡᠷᠳᠡᠨ᠋ᠢ ᠶᠢᠨ ᠲᠤᠮᠢᠯᠠᠯᠳᠠ ᠪᠠᠷ ᠮᠦᠭᠳᠡᠨ ᠬᠤᠳᠠ ᠳᠤ ᠮᠤᠷᠢᠯᠠᠨ ᠰᠠᠭ᠋ᠠᠳᠠᠵᠦ᠂ ᠵᠦᠷᠴᠢᠨ ᠤ ᠠᠯᠳᠠᠨ ᠤᠯᠤᠰ ᠤ ᠬᠠᠭ᠋ᠠᠨ ᠬᠤᠩ ᠲᠠᠢᠵᠢ ᠪᠡ ᠴᠢᠩ ᠤᠯᠤᠰ ᠤᠨ ᠬᠠᠭ᠋ᠠᠨ ᠡᠶᠡᠪᠠᠷ ᠵᠠᠰᠠᠭᠴᠢ ᠶᠢᠨ ᠦᠶ᠎ᠡ ᠬᠦᠷᠳᠡᠯ᠎ᠡ ᠬᠦᠴᠦ ᠪᠡᠨ ᠡᠷᠬᠦᠵᠦ᠂ ᠭᠠᠪᠢᠶ᠎ᠠ ᠬᠢᠳᠭᠦᠯ ᠪᠠᠢᠭ᠋ᠤᠯᠵᠦ᠂ ᠢᠳᠡᠭᠡᠯ ᠬᠦᠨᠳᠤ ᠵᠢ ᠨᠢ ᠤᠯᠵᠡᠢ᠃ ᠡᠳᠡᠭᠡᠷ ᠪᠦᠬᠦᠨ ᠨᠢ ᠲᠡᠬᠦᠨ ᠤ ᠦᠪᠡᠷ ᠵᠠᠰᠠᠭᠴᠢ ᠬᠠᠭ᠋ᠠᠨ ᠤ ᠲᠠᠪᠤᠳᠤᠭ᠋ᠠᠷ ᠲᠠᠯᠠᠢ ᠯᠠᠮᠠ ᠶᠢᠨ ᠤᠭᠳᠤᠯᠭ᠎ᠠ ᠳᠤ ᠤᠷᠤᠯᠴᠠᠬᠤ ᠪᠡ ᠲᠠᠯᠠᠢ ᠯᠡᠮᠡ ᠲᠠᠢ ᠬᠠᠷᠢᠴᠠᠨ ᠶᠠᠪᠤᠯᠴᠠᠬᠤ ᠵᠠᠪᠰᠢᠶᠠᠨ ᠲᠠᠢ ᠪᠤᠯᠬᠤ ᠳᠤ ᠪᠠᠳᠤ ᠪᠡᠬᠢ ᠤᠷᠢᠳᠠᠯ ᠨᠦᠬᠦᠴᠡᠯ ᠬᠠᠩᠭ᠋ᠭᠰᠠᠨ ᠶᠤᠮ ᠃ ᠰᠢᠪᠵᠠ ᠨᠤᠮ ᠤᠨ ᠬᠠᠭ᠋ᠠᠨ ᠲᠠᠯᠠᠢ ᠯᠡᠮᠡ ᠵ ᠲᠠᠢᠭ᠎ᠠ ᠭᠠᠵᠠᠷ ᠡᠴᠨ ᠤᠭᠳᠤᠨ ᠠᠪᠴᠦ᠂ᠪᠡᠭᠡᠵᠢᠩ ᠳᠤ ᠬᠠᠭ᠋ᠠᠨ ᠲᠠᠢ ᠵᠤᠯᠭ᠋ᠠᠭ᠋ᠤᠯᠬᠤ᠂ ᠵᠤᠴᠢᠯᠠᠨ ᠲᠠᠢᠯᠠᠬᠤ ᠪᠡ ᠡᠯ᠎ᠡ ᠲᠠᠯ᠎ᠡ ᠶᠢᠨ ᠡᠳᠡᠭᠡᠳ ᠲᠠᠢ ᠬᠠᠷᠢᠴᠡᠨ ᠶᠠᠪᠤᠯᠴᠠᠬᠤ ᠵᠠᠷᠭᠡ ᠠᠯᠢ ᠤᠯᠠᠨ ᠠᠵᠢᠯ ᠢ ᠬᠠᠪᠰᠤᠷᠴᠦ ᠭᠦᠢᠴᠡᠳᠭᠡᠪᠡ᠃ ᠡᠨ᠋ᠡ ᠬᠦ ᠬᠤᠭ᠋ᠤᠴᠠᠭ᠋ᠠᠨ ᠳᠤ ᠰᠢᠪᠵᠡ ᠨᠤᠮ ᠤᠨ ᠬᠠᠭ᠋ᠠᠨ ᠪᠠ ᠲᠠᠯᠠᠢ ᠯᠡᠮᠡ ᠶᠢᠨ ᠬᠤᠭ᠋ᠤᠷᠤᠨᠳᠤ ᠨᠠᠷᠢᠨ ᠨᠢᠭᠳᠠ ᠬᠠᠷᠢᠴᠠᠭ᠎ᠠ ᠬᠤᠯᠪᠤᠭ᠎ᠠ ᠡᠬᠦᠰᠴᠦ ᠪᠠᠢᠭᠰᠠᠨ ᠶᠤᠮ᠃ ᠲᠠᠯᠡᠢ ᠯᠡᠮᠡ ᠰᠢᠪᠵᠠ ᠨᠤᠮ ᠤᠨ ᠬᠠᠭ᠋ᠠᠨ ᠤ ᠨᠠᠢᠵᠢ ᠲᠤᠢᠨ ᠤ ᠬᠤᠭ᠋ᠤᠷᠤᠨᠳᠤᠬᠢ ᠵᠦᠷᠢᠴᠡᠯ ᠮᠡᠷᠭ᠋ᠤᠯᠳᠤᠭ᠋ᠠᠨ ᠢ ᠲᠠᠰᠤᠯᠬᠤ ᠳ᠋ᠠᠭ᠋ᠠᠨ ᠦᠪᠡᠷ ᠤᠨ ᠶᠢᠡᠨ ᠮᠠᠭ᠋ᠠᠳᠯᠠᠯ ᠪᠡ ᠴᠢᠩ ᠲᠠᠯ᠎ᠡ ᠶᠢᠨ ᠲᠠᠷᠤᠯᠳᠠ ᠪᠠᠷ ᠰᠢᠪᠵᠡ ᠨᠤᠮ ᠤᠨ ᠬᠠᠭ᠋ᠠᠨ ᠢ ᠵᠦᠪᠳᠡᠭᠡᠨ ᠨᠠᠢᠵᠢ ᠲᠤᠢᠨ ᠢ ᠪᠤᠷᠤᠭ᠋ᠤᠳᠬᠠᠭᠰᠠᠨ ᠪᠤᠯᠪᠠᠴᠦ ᠰᠢᠪᠵᠡ ᠨᠤᠮ ᠤᠨ ᠬᠠᠭ᠋ᠠᠨ ᠤ ᠦᠭᠡ ᠶᠠᠷᠢᠶ᠎ᠡ᠂ ᠦᠢᠯᠡ ᠶᠠᠪᠤᠳᠠᠯ ᠳᠤ ᠶᠠᠭ᠋ᠠᠬᠢᠬᠤ ᠶᠢᠨ ᠠᠷᠭ᠎ᠠ ᠦᠭᠡᠢ ᠲᠤᠷ᠎ᠡ ᠦᠭᠡ᠋᠋ᠢ᠋ᠴᠡᠵᠤ᠂ ᠬᠠᠳᠠᠭ᠋ᠤ ᠰᠢᠷᠦᠭᠦᠨ ᠰᠢᠬᠦᠨᠮᠵᠢᠯᠡᠭᠰᠡᠨ ᠨᠢ ᠲᠡᠬᠦᠨ ᠤ ᠰᠢᠪᠵᠡ ᠨᠤᠮ ᠤᠨ ᠬᠠᠭ᠋ᠠᠨ ᠳᠤ ᠬᠠᠨᠳᠤᠭᠰᠠᠨ ᠤᠪᠤᠷ ᠰᠡᠳᠬᠢᠯᠭᠡ ᠶᠢᠨ ᠬᠤᠪᠢᠷᠠᠯᠳᠠ ᠵᠢ ᠢᠯᠡᠳᠭᠡᠵᠡᠢ᠃ ᠬᠡᠪᠡᠴᠦ ᠲᠠᠯᠠᠢ ᠯᠡᠮᠡ ᠶᠢᠨ ᠪᠡᠭᠡᠵᠢᠩ ᠡᠴᠨ ᠪᠤᠴᠠᠨ ᠮᠤᠷᠢᠯᠠᠬᠤ ᠵᠢ ᠲᠠᠭ᠋ᠠᠯᠳᠤᠨ ᠲᠡᠳᠡ ᠬᠤᠶᠠᠭ᠋ᠤᠯᠠ ᠶᠢᠨ ᠬᠤᠭ᠋ᠤᠷᠤᠨᠳᠤᠬᠢ ᠭᠡᠳᠤᠨ ᠠᠷᠪᠡᠨ ᠵᠢᠯ ᠤᠨ ᠡᠯᠳᠠᠪ ᠤᠨ ᠬᠠᠷᠢᠴᠠᠭ᠎ᠠ ᠬᠤᠯᠪᠤᠭ᠎ᠠ ᠨᠢ ᠡᠴᠤᠰ ᠤᠨ ᠬᠦᠰᠢᠭᠡ ᠪᠡᠨ ᠬᠠᠭ᠋ᠠᠭᠰᠠᠨ ᠪᠢᠯᠡ᠃ |
Original Literature |
View Original Paper
|
出自 |
中国蒙古学
2014年
第3期
|