Title |
ᠪᠤᠷᠬᠠᠨ ᠤ ᠱᠠᠰᠢᠨ ᠤ ᠳᠤᠮᠤᠭ 《ᠤᠯᠠᠭ᠋ᠠᠨ ᠲᠡᠦᠬᠡ》 ᠶᠢᠨ ᠲᠤᠬᠠᠢ ᠶᠡᠷᠦᠩᠬᠡᠢ ᠮᠡᠳᠡᠭᠳᠡᠭᠦᠨ |
Creator |
ᠱᠤᠩᠬᠤᠷ |
Keyword |
ᠪᠤᠷᠬᠠᠨ ᠤ ᠱᠠᠰᠢᠨ ᠤ ᠳᠤᠮᠤᠭ; 《ᠤᠯᠠᠭ᠋ᠠᠨ ᠲᠡᠦᠬᠡ》; ᠯᠢᠨᠳᠠᠨ ᠬᠤᠳᠤᠭᠲᠤ ᠬᠠᠭ᠋ᠠᠨ ᠤ ᠦᠶ᠎ᠡ; ᠮᠣᠩᠭᠤᠯ ᠲᠦᠪᠡᠳ ᠪᠤᠷᠬᠠᠨ ᠤ ᠱᠠᠰᠢᠨ; ᠭᠡᠰᠡᠷ |
Abstract |
《ᠤᠯᠠᠭ᠋ᠠᠨ ᠲᠡᠦᠬᠡ》 ᠪᠤᠯ ᠯᠢᠨᠳᠠᠨ ᠬᠤᠳᠤᠭᠲᠤ ᠬᠠᠭ᠋ᠠᠨ ᠤ ᠦᠶ᠎ᠡ ᠳᠦ ᠨᠠᠢᠷᠠᠭ᠋ᠤᠯᠤᠨ ᠣᠷᠴᠢᠭ᠋ᠤᠯᠤᠭᠰᠠᠨ ᠪᠤᠷᠬᠠᠨ ᠤ ᠱᠠᠰᠢᠨ ᠤ ᠲᠤᠩ ᠴᠢᠬᠤᠯᠠ ᠰᠤᠷᠪᠤᠯᠵᠢ ᠪᠢᠴᠢᠭ ᠪᠤᠯᠬᠤ ᠪᠦᠭᠡᠳ ᠮᠣᠩᠭᠤᠯ ᠲᠦᠪᠡᠳ ᠪᠤᠷᠬᠠᠨ ᠤ ᠱᠠᠰᠢᠨ ᠢ ᠰᠤᠳᠤᠯᠬᠤ ᠳᠤ ᠡᠷᠬᠡᠪᠰᠢ ᠤᠩᠰᠢᠭ᠋ᠤᠰᠢᠲᠠᠢ ᠰᠤᠷᠪᠤᠯᠵᠢ ᠪᠢᠴᠢᠭ ᠪᠤᠯᠤᠨ᠎ᠠ᠃ 《ᠤᠯᠠᠭ᠋ᠠᠨ ᠲᠡᠦᠬᠡ》 ᠳᠤ ᠪᠤᠷᠬᠠᠨ ᠪᠤᠳᠢᠰᠡᠳ᠋ᠤᠠ ᠨᠠᠷ ᠲᠠᠢ ᠬᠤᠯᠪᠤᠭᠳᠠᠯ ᠪᠦᠬᠦᠢ ᠴᠢᠬᠤᠯᠠ ᠴᠢᠬᠤᠯᠠ ᠲᠡᠦᠬᠡ ᠲᠡᠮᠳᠡᠭᠯᠡᠯ᠂ ᠤᠷᠢᠲᠤ ᠲᠦᠷᠦᠯ ᠦᠨ ᠴᠠᠳᠢᠭ᠂ ᠳᠤᠮᠤᠭ ᠦᠯᠢᠭᠡᠷ ᠵᠡᠷᠭᠡ ᠶᠢ ᠨᠠᠢᠷᠠᠭ᠋ᠤᠯᠤᠨ ᠣᠷᠴᠢᠭ᠋ᠤᠯᠤᠭᠰᠠᠨ ᠤᠴᠢᠷ ᠠᠴᠠ ᠲᠡᠭᠦᠨ ᠳᠦ ᠵᠤᠬᠢᠬᠤ ᠲᠡᠦᠬᠡ ᠶᠢᠨ ᠦᠨ᠋ᠡᠨ ᠬᠠᠳᠠᠭ᠋ᠠᠯᠠᠭᠳᠠᠭᠰᠠᠨ ᠢᠶᠠᠷ ᠢᠶᠠᠨ ᠣᠨᠴᠠᠯᠢᠭᠲᠠᠵᠤ᠂ ᠮᠠᠨ ᠤ ᠰᠤᠳᠤᠯᠭ᠋ᠠᠨ ᠳᠤ ᠶᠡᠬᠡᠬᠡᠨ ᠦᠨ᠎ᠡ ᠴᠠᠨ᠎ᠠ ᠲᠠᠢ ᠮᠠᠰᠢ ᠴᠢᠬᠤᠯᠠ ᠮᠠᠲ᠋ᠧᠷᠢᠶᠠᠯ ᠬᠠᠩᠭ᠋ᠠᠵᠤ ᠦᠭᠭᠦᠭᠰᠡᠨ ᠪᠠᠢᠨ᠎ᠠ᠃ 《ᠤᠯᠠᠭ᠋ᠠᠨ ᠲᠡᠦᠬᠡ》 ᠳᠦ ᠤᠯᠠᠮᠵᠢᠯᠠᠨ ᠲᠡᠮᠳᠡᠭᠯᠡᠭᠳᠡᠭᠰᠡᠨ ᠭᠡᠰᠡᠷ ᠦᠨ ᠲᠤᠬᠠᠢ ᠰᠤᠨ᠋ᠢᠷᠬᠠᠯᠲᠠᠢ ᠮᠡᠳᠡᠭᠡ ᠨᠢ 《ᠭᠡᠰᠡᠷ ᠦᠨ ᠲᠤᠭ᠋ᠤᠵᠢ》 ᠪᠤᠢ ᠪᠤᠯᠤᠭᠰᠠᠨ ᠲᠠᠢ ᠰᠢᠭ᠋ᠤᠳ ᠬᠤᠯᠪᠤᠭᠳᠠᠬᠤ ᠪᠤᠷᠬᠠᠨ ᠤ ᠱᠠᠰᠢᠨ ᠤ ᠣᠨ᠋ᠣᠯ ᠤᠨ ᠦᠨᠳᠦᠰᠦᠯᠡᠯ ᠬᠡᠯᠲᠡᠢ᠃ |
Original Literature |
No Original Paper
|
出自 |
内蒙古民族大学学报(社会科学)
2003年
第1期
|