Paper Information


Title ᠲᠤᠭᠤᠰᠤ ᠳᠠᠮᠵᠢᠭᠤᠯᠬᠤ ᠪᠢᠤᠯᠤᠬᠢ ᠪᠠ ᠬᠠᠮᠢᠶ᠎ᠠ ᠪᠦᠬᠦᠢ ᠰᠢᠨᠵᠢᠯᠡᠬᠡᠨ
Creator ᠾᠦᠩ ᠢᠤᠢ; ᠬᠤᠪᠢᠰᠬᠠᠯᠳᠤ
Keyword ᠲᠤᠭᠤᠰᠤ ᠳᠠᠮᠵᠢᠭᠤᠯᠬᠤ ᠪᠢᠤᠯᠤᠬᠢ; ᠦᠷᠡᠵᠢᠯ ᠤᠨ ᠪᠢᠤᠯᠤᠬᠢ; ᠬᠦᠭ᠍ᠵᠢᠩᠬᠦᠢ ᠬᠤᠪᠢᠰᠤᠯ ᠤᠨ ᠪᠢᠤᠯᠤᠬᠢ; ᠬᠠᠮᠠᠭᠠᠯᠠᠯᠳᠠ ᠶᠢᠨ ᠪᠢᠤᠯᠤᠬᠢ
Abstract ᠲᠤᠭᠤᠰᠤ ᠳᠠᠮᠵᠢᠭᠤᠯᠬᠤ ᠪᠤᠯ ᠴᠡᠴᠡᠭ ᠤᠨ ᠲᠤᠭᠤᠰᠤ ᠠᠳᠠᠯᠢ ᠪᠤᠰᠤ ᠶᠢᠨ ᠠᠷᠭ᠎ᠠ ᠮᠠᠶᠢᠭ ᠶᠢᠨᠷ ᠡᠷ᠎ᠡ ᠲᠤᠭᠤᠷᠴᠤᠭ ᠡᠴᠡ ᠬᠦᠷᠳᠡᠬᠭᠡᠪᠴᠢ ᠶᠢᠨ ᠳᠡᠭᠡᠷ᠎ᠡ ᠳᠠᠮᠵᠢᠭᠳᠠᠨ ᠬᠦᠷᠴᠤ ᠰᠤᠶᠤᠭᠠᠯᠠᠵᠤ᠂ ᠦᠷ᠎ᠡ ᠳᠤᠭᠳᠠᠬᠤ ᠦᠷᠡᠵᠢᠯ ᠤᠨ ᠴᠢᠳᠠᠪᠤᠷᠢ ᠪᠦᠬᠦᠢ ᠦᠷ᠎ᠡ ᠡᠬᠦᠳᠬᠡᠬᠦ ᠶᠠᠪᠤᠴᠠ ᠮᠦᠨ᠃ ᠲᠤᠭᠤᠰᠤ ᠳᠠᠮᠵᠢᠭᠤᠯᠬᠤ ᠪᠢᠤᠯᠤᠬᠢ ᠪᠤᠯ ᠲᠤᠭᠤᠰᠤ ᠳᠠᠮᠵᠢᠭᠤᠯᠬᠤ ᠶᠢᠨ ᠡᠬᠦᠰᠬᠦ ᠶᠠᠪᠤᠴᠠ᠂ ᠲᠡᠬᠦᠨ ᠤ ᠮᠸᠬᠠᠨᠢᠰᠮ᠂ ᠲᠤᠭᠤᠰᠤ ᠳᠠᠮᠵᠢᠭᠤᠯᠬᠤ ᠵᠠᠭᠤᠴᠢ ᠪᠠ ᠴᠡᠴᠡᠭ ᠤᠨ ᠬᠤᠭᠤᠷᠤᠨᠳᠤᠬᠢ ᠵᠤᠬᠢᠴᠠᠯᠳᠤᠯ ᠵᠢᠴᠢ ᠬᠦᠭᠵᠢᠩᠬᠦᠢ ᠬᠤᠪᠢᠰᠤᠯ᠂ ᠲᠤᠭᠤᠰᠤ ᠳᠠᠮᠵᠢᠭᠤᠯᠬᠤ ᠪᠠ ᠤᠷᠴᠢᠨ ᠲᠤᠭᠤᠷᠢᠨ᠂ ᠲᠤᠭᠤᠰᠤ ᠳᠠᠮᠵᠢᠭᠤᠯᠬᠤ ᠪᠠ ᠦᠷ᠎ᠠ ᠳᠤᠭᠳᠠᠬᠤ ᠶᠢᠨ ᠬᠤᠯᠪᠤᠭᠠᠳᠤ ᠴᠢᠨᠠᠷ᠂ ᠴᠡᠴᠡᠭ ᠤᠨ ᠲᠤᠭᠤᠰᠤ ᠪᠡᠷ ᠵᠦᠬᠡᠬᠡᠪᠤᠷᠢᠯᠡᠭᠴᠢ ᠪᠤᠯᠭᠠᠭᠰᠠᠨ ᠭᠸᠠ ᠤ ᠤᠷᠤᠰᠬᠠᠯ ᠤᠷᠭᠤᠮᠠᠯ ᠤᠨ ᠤᠳᠤᠮᠯᠠᠯ ᠪᠠ ᠬᠦᠭ᠍ᠵᠢᠩᠬᠦᠢ ᠬᠤᠪᠢᠰᠤᠯ ᠳᠤ ᠦᠵᠡᠬᠦᠯᠬᠦ ᠨᠦᠯᠦᠬᠡ᠂ ᠲᠤᠭᠤᠰᠤ ᠳᠠᠮᠵᠢᠭᠤᠯᠬᠤ ᠦᠢᠯᠡᠳᠤᠯ ᠲᠠᠢ ᠬᠤᠯᠪᠤᠭᠳᠠᠯ ᠪᠦᠬᠦᠢ ᠪᠢᠤᠯᠤᠬᠢ ᠶᠢᠨ ᠤᠨᠴᠠᠯᠢᠭ ᠵᠢᠴᠢ ᠳᠡᠬᠦᠨ ᠤ ᠵᠢᠮ᠎ᠠ ᠶᠤᠰᠤ ᠵᠢ ᠰᠤᠳᠤᠯᠬᠤ ᠰᠢᠨᠵᠢᠯᠡᠬᠦ ᠤᠬᠠᠭᠠᠨ ᠮᠦᠨ᠃ ᠤᠳᠤ ᠦᠶ᠎ᠠ ᠶᠢᠨ ᠲᠤᠭᠤᠰᠤ ᠳᠠᠮᠵᠢᠭᠤᠯᠬᠤ ᠪᠢᠤᠯᠤᠬᠢ ᠪᠤᠯ ᠤᠷᠭᠤᠮᠠᠯ ᠤᠨ ᠦᠷᠡᠵᠢᠯ ᠤᠨ ᠠᠮᠢ ᠠᠬᠤᠢ ᠶᠢᠨ ᠰᠤᠳᠤᠯᠤᠯ᠂ ᠬᠦᠭ᠍ᠵᠢᠩᠬᠦᠢ ᠬᠤᠪᠢᠰᠤᠯ ᠤᠨ ᠪᠢᠤᠯᠤᠬᠢ ᠪᠠ ᠬᠠᠮᠠᠭᠠᠯᠠᠯᠳᠠ ᠶᠢᠨ ᠪᠢᠤᠯᠤᠬᠢ ᠶᠢᠨ ᠠᠩᠬᠠᠷᠤᠭᠤᠰᠢᠳᠠᠢ ᠳᠦᠪᠯᠡᠷᠡᠯ ᠤᠨ ᠴᠡᠭ ᠤᠨ ᠨᠢᠭᠡ ᠮᠦᠨ᠃ ᠲᠤᠰ ᠦᠬᠦᠯᠡᠯ ᠳᠤ ᠳᠡᠳᠡᠭᠡ4ᠷ ᠤᠨ ᠬᠤᠭᠤᠷᠤᠨᠳᠤᠬᠢ ᠬᠠᠷᠢᠴᠠᠭ᠎ᠠ ᠵᠢ ᠳᠠᠮᠳᠠ᠍ᠭ᠍ᠯᠡᠵᠤ ᠶᠠᠷᠤᠩᠬᠡᠢᠢᠯᠠᠨ ᠲᠤᠭᠠᠴᠢᠵᠠᠢ᠃
Original Literature View Original Paper
出自 内蒙古师范大学学报(自然科学蒙古文版) 2005年 第1期

联系我们


内蒙古大学图书馆
呼和浩特市大学西路235号
中国·内蒙古
P: (0471) 4992561
E: huangfeilong@imu.edu.cn