Paper Information


Title ᠮᠤᠷᠤᠢ ᠪᠤᠯᠴᠢᠷᠬᠠᠢ᠌ᠢᠳᠤ ᠰᠦᠳᠦ ᠡᠪᠡᠰᠦ ᠶᠢᠨ ᠠᠰᠢᠭᠳᠤ ᠪᠦᠷᠢᠯᠳᠦᠬᠦᠨ ᠢ ᠭᠠᠷᠭᠠᠨ ᠠᠪᠬᠤ ᠲᠤᠬᠠᠢ
Creator ᠵᠢᠢ ᠰᠢᠶᠤᠤ ᠭᠤᠸᠠᠩ; ᠯᠢᠦ ᠵᠢᠩ ᠯᠢᠨ; ᠰᠢᠦᠢ ᠯᠢᠶᠠᠩ
Keyword ᠮᠤᠷᠤᠢ ᠪᠤᠯᠴᠢᠷᠬᠠᠢ᠌ᠢᠳᠤ ᠰᠦᠳᠦ ᠡᠪᠡᠰᠦ; ᠢᠯᠭᠠᠨ ᠰᠠᠯᠭᠠᠬᠤ; ᠭᠠᠷᠭᠠᠨ ᠠᠪᠬᠤ
Abstract ᠮᠤᠷᠤᠢ ᠪᠤᠯᠴᠢᠷᠬᠠᠢᠳᠤ ᠰᠦᠳᠦ ᠡᠪᠡᠰᠦ(ᠲᠠᠷᠨᠤ ᠶᠢᠨ ᠨᠢᠭᠡ ᠵᠦᠢᠯ)ᠪᠤᠯ ᠨᠢᠭᠡ ᠵᠦᠢᠯ ᠤᠨ ᠪᠠᠳᠭ᠋ᠠᠨ ᠢ ᠠᠷᠢᠯᠭᠠᠵᠤ ᠡᠪᠡᠳᠬᠦ ᠶᠢ ᠵᠤᠭᠰᠤᠭᠠᠬᠤ᠂ ᠴᠤᠭᠯᠠᠷᠠᠭᠰᠠᠨ ᠬᠤᠷᠤᠬᠠᠢ ᠶᠢ ᠨᠢᠳᠤᠯᠠᠬᠤ ᠵᠡᠷᠭᠡ ᠬᠦᠴᠦ ᠴᠢᠳᠠᠯ ᠲᠠᠢ ᠮᠤᠩᠭ᠋ᠤᠯ ᠡᠮ ᠪᠤᠯᠤᠨ᠎ᠠ᠃ ᠠᠨᠠᠭᠠᠬᠤ ᠤᠬᠠᠭᠠᠨ ᠳᠤ᠂ ᠵᠢᠷᠦᠬᠡᠨ ᠡᠪᠡᠳᠴᠢᠨ ᠢ ᠵᠠᠰᠠᠬᠤ ᠪᠠ ᠬᠡᠪᠡᠯᠢ ᠡᠪᠡᠳᠬᠦ᠂ ᠰᠦᠷᠢᠶ᠎ᠡ ᠡᠪᠡᠳᠴᠢᠨ᠂ ᠦᠴᠦᠬᠡᠨ ᠡᠮᠬᠡᠭ᠌᠂ ᠤᠳᠠᠭᠠᠨ ᠴᠢᠨᠠᠷ ᠲᠠᠢ ᠰᠠᠯᠪᠤᠷᠢ ᠮᠦᠭᠡᠷᠰᠦᠨ ᠬᠤᠭᠤᠯᠠᠢ ᠶᠢᠨ ᠦᠷᠪᠢᠰᠦᠯ ᠵᠡᠷᠭᠡ ᠶᠢ ᠵᠠᠰᠠᠪᠤᠷᠢᠯᠠᠬᠤ ᠳᠤ ᠬᠡᠷᠡᠭᠯᠡᠨ᠎ᠡ; ᠮᠦᠨ ᠴᠦ᠂ ᠪᠢᠴᠢᠬᠠᠨ ᠬᠤᠯᠤᠭᠠᠨ᠎ᠠ ᠶᠢᠨ ᠨᠡᠭᠦᠯᠭᠡᠭ᠍ᠰᠡᠨ ᠴᠢᠨᠠᠷ ᠲᠠᠢ ᠬᠠᠪᠤᠳᠠᠷ ᠢ ᠨᠠᠮᠤᠳᠬᠤᠬᠠᠬᠤ ᠦᠢᠯᠡᠳᠦᠯ ᠲᠠᠢ ᠪᠦᠭᠡᠳ ᠬᠠᠪᠤᠳᠠᠷ ᠡᠭᠦᠰᠭᠡᠬᠦ ᠶᠢ ᠨᠠᠮᠤᠳᠬᠤᠬᠠᠬᠤ ᠶᠢᠨ ᠬᠠᠮᠳᠤ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠲᠡᠭᠡᠭ᠍ᠰᠢᠯᠡᠭᠦᠯᠬᠦ ᠦᠢᠯᠡᠳᠦᠯ ᠲᠠᠢ᠃ ᠡᠭᠦᠨ ᠡᠴᠡ ᠭᠠᠳᠠᠨ᠎ᠠ᠂ ᠪᠠᠰᠠ ᠬᠤᠷᠤᠬᠠᠢ ᠠᠯᠠᠬᠤ᠂ ᠤᠬᠠᠭᠠᠨ ᠠᠯᠳᠠᠳᠠᠯ᠎ᠠ ᠰᠤᠴᠢᠬᠤ ᠶᠢ ᠰᠡᠷᠭᠡᠢ᠌ᠯᠡᠬᠦ ᠵᠡᠷᠭᠡ ᠦᠢᠯᠡᠳᠦᠯ ᠲᠠᠢ᠃ ᠰᠤᠷᠪᠤᠯᠵᠢ ᠪᠢᠴᠢᠭ᠌ ᠡᠴᠡ ᠲᠤᠳᠤᠷᠬᠠᠢ᠌ᠯᠠᠭᠰᠠᠨ ᠨᠢ᠂ ᠮᠤᠷᠤᠢ ᠪᠤᠯᠴᠢᠷᠬᠠᠢ᠌ᠳᠤ ᠰᠦᠳᠦ ᠡᠪᠡᠰᠦ ᠳᠤ ᠭᠤᠤᠯᠳᠠᠭᠤ ᠹᠯᠠᠸᠤᠨ ᠤ ᠲᠦᠷᠦᠯ᠂ ᠲᠸᠷᠫᠸᠨ ᠤ ᠲᠦᠷᠦᠯ᠂ ᠰᠲ᠋ᠸᠷᠤᠯ ᠤᠨ ᠲᠦᠷᠦᠯ ᠮᠡᠳᠦ ᠶᠢᠨ ᠢᠳᠡᠪᠬᠢ ᠴᠢᠨᠠᠷᠳᠤ ᠪᠦᠷᠢᠯᠳᠦᠬᠦᠨ ᠠᠭᠤᠯᠤᠭᠳᠠᠨ᠎ᠠ᠃ ᠵᠤᠬᠢᠶᠠᠯ ᠳᠤ᠂ ᠴᠠᠪᠠᠤᠯᠢᠭ ᠴᠠᠬᠢᠭᠤᠷ ᠪᠠ ᠴᠠᠪᠠᠤᠯᠢᠭ ᠪᠠᠭᠠᠨᠠᠳᠤ ᠦᠩᠭᠡᠳᠦ ᠵᠢᠭ᠌ᠰᠠᠯ ᠶᠢᠡᠷ ᠮᠤᠷᠤᠢ ᠪᠤᠯᠴᠢᠷᠬᠠᠢ᠌ᠳᠤ ᠰᠦᠳᠦ ᠡᠪᠡᠰᠦ ᠶᠢᠨ ᠴᠢᠯᠠᠭᠤᠨ ᠲᠤᠰᠤᠨ ᠤ ᠡᠰᠲ᠋ᠸᠷ ᠪᠤᠯᠤᠨ ᠡᠲ᠋ᠠ ᠬᠦᠴᠢᠯ ᠤᠨ ᠡᠲ᠋ᠢᠯ ᠡᠰᠲ᠋ᠸᠷ ᠶᠢᠡᠷ ᠭᠠᠷᠭᠠᠨ ᠠᠪᠤᠭᠰᠠᠨ ᠬᠡᠰᠡᠭ ᠶᠢᠡᠨ ᠢᠯᠭᠠᠨ ᠰᠠᠯᠭᠠᠵᠤ᠂ ᠴᠡᠪᠡᠷᠰᠢᠭᠦᠯᠵᠦ ᠲᠠᠩ ᠪᠡᠶ᠎ᠡ ᠶᠢ ᠤᠯᠵᠤ᠂ ᠲᠠᠬᠢᠨ ᠲᠠᠩ ᠪᠡᠶ᠎ᠡ ᠪᠠᠨ ᠦᠨᠳᠦᠷ ᠠᠰᠢᠭᠳᠤ ᠰᠢᠩᠭᠡᠨ ᠹᠠᠰᠳᠤ ᠦᠩᠭᠡᠳᠦ ᠵᠢᠭ᠌ᠰᠠᠯ — ᠦᠨᠳᠦᠷ ᠢᠯᠭᠠᠷᠠᠭᠤᠯᠬᠤ ᠬᠡᠮᠵᠢᠭᠦᠷᠯᠢᠭ᠌ ᠵᠢᠭ᠌ᠰᠠᠯ᠂ ᠴᠦᠮ᠎ᠡ ᠶᠢᠨ ᠰᠤᠷᠢᠨᠵᠢᠨ ᠲᠡᠷᠪᠢᠯᠳᠡ ᠶᠢᠨ ᠬᠡᠮᠵᠢᠭᠦᠷᠯᠢᠭ᠌ ᠶᠢᠡᠷ ᠵᠠᠳᠠᠯᠤᠨ ᠰᠢᠨᠵᠢᠯᠡᠵᠦ᠂ ᠲᠠᠩ ᠪᠡᠶᠡᠳᠦ ᠶᠢᠨ ᠪᠦᠳᠦᠴᠡ ᠶᠢ ᠠᠩᠬ᠎ᠠ ᠠᠯᠬᠤᠮ ᠲᠤᠳᠤᠯᠠᠭᠰᠠᠨ ᠲᠤᠬᠠᠢ ᠲᠠᠨᠢᠯᠴᠠᠭᠤᠯᠪᠠ᠃ ᠲᠡᠷᠡ ᠪᠤᠯ ᠲᠠᠷᠨᠤ ᠶᠢᠨ ᠡᠲ᠋ᠠ ᠡᠳ᠋᠂ [1-(2, 4 - dihydroxy - 3 - methylphenyl) ethanone] ᠪᠤᠯᠤᠨ᠎ᠠ᠃ ᠪᠤᠰᠤᠳ ᠨᠢᠭᠡᠳᠪᠦᠷᠢ ᠶᠢᠨ ᠪᠦᠳᠦᠴᠡ ᠨᠢ ᠬᠠᠷᠠᠬᠠᠨ ᠤᠨᠤᠪᠴᠢᠳᠠᠢ ᠲᠤᠳᠤᠯᠤᠭᠳᠠᠭᠠᠳᠤᠢ ᠪᠠᠢ᠌ᠨ᠎ᠠ᠃
Original Literature View Original Paper
出自 内蒙古民族大学学报(自然科学) 2015年 第1期

联系我们


内蒙古大学图书馆
呼和浩特市大学西路235号
中国·内蒙古
P: (0471) 4992561
E: huangfeilong@imu.edu.cn