Paper Information


Title ᠬᠤᠷᠴᠢᠨ ᠦ ᠡᠯᠡᠰᠤᠨ ᠭᠠᠵᠠᠷ ᠤᠨ ᠲᠡᠦᠬᠡᠨ ᠴᠠᠭ ᠦᠶ ᠡ ᠳᠡᠬᠢ ᠡᠯᠡᠰᠤᠷᠭᠡᠭ᠍ᠵᠢᠯ ᠬᠢᠬᠡᠳ ᠬᠥᠮᠥᠨ ᠲᠦᠷᠦᠯᠬᠢᠳᠡᠨ ᠦ ᠦᠢᠯᠡ ᠠᠵᠢᠯᠯᠠᠭᠠᠨ ᠦ ᠬᠤᠭᠤᠷᠤᠨᠳᠤᠬᠢ ᠬᠠᠷᠢᠴᠠᠭ᠎ᠠ
Creator ᠪᠤᠤ ᠡᠾᠦ᠋ᠢ ᠵᠢᠶᠦᠸᠡᠨ ; ᠡᠾᠸ ᠸᠸᠨ ᠮᠢᠩ
Keyword ᠬᠤᠷᠴᠢᠨ ᠦ ᠡᠯᠡᠰᠤᠨ ᠭᠠᠵᠠᠷ ; ᠡᠯᠡᠰᠣᠷᠭᠡᠭ᠍ᠵᠢᠯ; ᠬᠥᠮᠥᠨ ᠲᠦᠷᠦᠯᠬᠢᠳᠡᠨ ᠦ ᠦᠢᠯᠡ ᠠᠵᠢᠯᠯᠠᠭ᠎ᠠ
Abstract ᠡᠯᠡᠰᠤᠷᠭᠡᠭ᠍ᠵᠢᠯ ᠤᠨ ᠰᠢᠯᠳᠠᠭᠠᠨ ᠨᠢ ᠡᠷᠳᠡᠮ ᠰᠢᠨᠵᠢᠯᠡᠭᠡᠨ ᠦ ᠬᠢᠨ ᠨᠡᠢ᠌ᠳᠡᠮ ᠠᠩᠬᠠᠷᠳᠠᠭ ᠠᠰᠠᠭᠤᠳᠠᠯ ᠤᠨ ᠨᠢᠬᠡ ᠪᠤᠯᠤᠨ᠎ᠠ᠃ ᠪᠠᠢ᠌ᠭᠠᠯᠢ ᠶᠢᠨ ᠨᠦᠬᠦᠴᠡᠯ ᠪᠡ ᠬᠥᠮᠥᠨ ᠲᠦᠷᠦᠯᠬᠢᠳᠡᠨ ᠦ ᠦᠢᠯᠡ ᠠᠵᠢᠯᠯᠠᠭ᠎ᠠ ᠨᠢ ᠡᠯᠡᠰᠦᠷᠬᠡᠭ᠍ᠵᠢᠬᠦ ᠶᠡᠪᠤᠴᠠ ᠳᠤ ᠤᠮᠳᠤᠭᠠᠢ᠌ᠯᠠᠭᠳᠠᠵᠤ ᠪᠤᠯᠤᠰᠢ ᠦᠭᠡᠢ ᠬᠤᠶᠠᠷ ᠲᠠᠯ ᠠ ᠶᠢᠨ ᠴᠢᠬᠤᠯᠠ ᠠᠰᠠᠭᠤᠲᠠᠯ ᠪᠤᠯᠬᠤ ᠮᠦᠷᠳᠡᠭᠡᠨ ᠡᠯᠡᠰᠤᠷᠭᠡᠭ᠍ᠵ᠍ᠢᠬᠦ ᠶᠢ ᠬᠡᠷᠬᠢᠨ ᠰᠡᠷᠬᠡᠢ᠌ᠯᠡᠨ ᠵᠠᠰᠠᠬᠤ ᠲᠤᠬᠠᠢ ᠪᠤᠳᠤᠯᠬᠢᠯᠡᠯ ᠵᠢᠴᠢ ᠠᠷᠭ᠎ᠠ ᠠᠪᠴᠢᠯ ᠲᠠᠢ ᠨᠢᠨᠨᠲᠠ ᠬᠤᠯᠪᠤᠭᠳᠠᠬᠤ ᠶᠤᠮ᠃ ᠳᠤᠰ ᠵᠤᠬᠢᠶᠠᠯ ᠳᠤ ᠤᠷᠢᠳᠡᠬᠢ ᠬᠥᠮᠥᠰ ᠤᠨ ᠬᠢᠭ᠍ᠰᠡᠨ ᠬᠤᠷᠴᠢᠨ ᠦ ᠡᠯᠡᠰᠦᠨ ᠭᠠᠵᠠᠷ ᠤᠨ ᠤᠷᠴᠢᠨ  ᠦ ᠪᠦᠷᠢᠯᠳᠦᠭᠦᠨ ᠬᠢᠭᠡᠳ ᠤᠯᠠᠷᠢᠯᠲᠠ ᠳᠤ ᠦᠵᠡᠭᠦᠯᠬᠦ ᠦᠢᠯᠡᠳᠦᠯ ᠤᠨ ᠲᠤᠬᠠᠢ ᠳ᠋ᠦᠩᠨᠡᠯᠲᠠ ᠶᠢᠨ ᠰᠠᠭᠤᠷᠢᠨ ᠳᠡᠭᠡᠷ ᠡ ᠲᠡᠦᠬᠡᠨ ᠴᠠᠭ ᠦᠶ ᠡ ᠳᠡᠬᠢ ᠬᠤᠷᠴᠢᠨ ᠦ ᠡᠯᠡᠰᠦᠨ ᠭᠠᠵᠠᠷ ᠤᠨ ᠡᠯᠡᠰᠦᠷᠭᠡᠭ᠍ᠵᠢᠬᠦ ᠶᠤᠪᠤᠴᠠ ᠵᠢᠴᠢ ᠬᠥᠮᠥᠨ ᠲᠦᠷᠦᠯᠬᠢᠳᠡᠨ ᠦ ᠦᠢᠯᠡ ᠠᠵᠢᠯᠯᠠᠭᠠᠨ ᠦ ᠬᠤᠭᠤᠷᠤᠨᠳᠦᠬᠢ ᠬᠠᠷᠢᠴᠠᠭ᠎ᠠ ᠶᠢ ᠳᠤᠳᠤᠯᠠᠬᠤ ᠰᠢᠨᠵᠢᠯᠡᠭᠡ ᠪᠠᠷ ᠳᠠᠮᠵᠢᠨ᠂ ᠡᠭᠦᠨ ᠦ ᠬᠠᠮᠤᠭ ᠰᠢᠨ᠎ᠠ ᠦᠶ ᠡ (全新世) ᠡᠴᠡ ᠡ ᠮᠤᠨᠡᠬᠢ ᠬᠤᠭᠤᠴᠠᠭᠠᠨ᠎ᠠ ᠬᠤᠷᠴᠢᠨ  ᠦ ᠡᠯᠡᠰᠦᠨ ᠭᠠᠵᠠᠷ ᠡᠯᠡᠰᠦᠷᠭᠡᠭ᠍ᠵᠢᠭᠦ ᠶᠠᠪᠤᠴᠠ ᠨᠢ ᠪᠦᠭᠦᠨ  ᠶᠢᠨᠷ ᠶᠢᠨᠨ ᠤᠷᠴᠢᠨ ᠲᠤᠭᠤᠷᠢᠨ ᠦ ᠬᠤᠪᠢᠷᠠᠯᠲᠠ ᠳᠤ ᠨᠦᠯᠦᠭᠡᠯᠡᠭᠳᠡᠵᠦ᠂ ᠬᠠᠮᠤᠭ ᠰᠢᠨ᠎ᠡ ᠦᠶ ᠡ ᠡᠴᠡ ᠰᠡᠭᠦᠯᠡᠷ ᠬᠢ ᠬᠥᠮᠥᠨ ᠲᠦᠷᠦᠯᠬᠢᠳᠡᠨ ᠦ ᠦᠢᠯᠡ ᠠᠵᠢᠯᠯᠠᠭ᠎ᠠ ᠨᠢ ᠬᠤᠷᠴᠢᠨ  ᠦ ᠡᠯᠡᠰᠦᠨ ᠭᠠᠵᠠᠷ ᠤᠨ ᠡᠯᠡᠰᠦᠷᠭᠡᠭ᠍ᠵᠢᠯ ᠳᠤ ᠤᠯᠠᠮ ᠴᠢᠬᠤᠯᠠ ᠦᠢᠯᠡᠳᠦᠯ ᠦᠵᠡᠭᠦᠯᠦᠭᠰᠡᠨ ᠬᠡᠳᠡᠭ ᠡᠴᠦᠰ ᠤ ᠳ᠋ᠦᠩ ᠢ ᠤᠯᠤᠭᠰᠠᠨ ᠪᠠᠢ᠌ᠨ᠎ᠠ᠃
Original Literature View Original Paper
出自 内蒙古师范大学学报(自然科学蒙古文版) 2006年 第3期

联系我们


内蒙古大学图书馆
呼和浩特市大学西路235号
中国·内蒙古
P: (0471) 4992561
E: huangfeilong@imu.edu.cn