Title |
ᠮᠣᠩᠭᠤᠯ᠂ ᠬᠤᠢ᠌ᠢᠲᠤ ᠠᠯᠲᠠᠨ ᠤᠯᠤᠰ᠂ ᠮᠢᠩ ᠤᠯᠤᠰ ᠬᠦᠯᠢᠰᠯᠡᠨ ᠲᠤᠭᠲᠠᠨᠢᠭᠰᠠᠨ ᠪᠠᠢ᠌ᠢᠳᠠᠯ ᠳᠤᠤᠷᠠᠬᠢ ᠯᠢᠭᠳᠡᠨ ᠬᠠᠭᠠᠨ ᠤ ᠠᠩ᠋ᠬᠠᠨ ᠤ ᠦᠶ᠎ᠡ ᠶᠢᠨ ᠠᠵᠢᠯᠯᠠᠭ᠎ᠠ |
Creator |
ᠰᠢᠳᠤᠷᠭᠤ |
Keyword |
ᠮᠣᠩᠭᠤᠯ᠂ ᠬᠤᠢ᠌ᠢᠲᠤ ᠠᠯᠲᠠᠨ ᠤᠯᠤᠰ᠂ ᠮᠢᠩ ᠤᠯᠤᠰ |
Abstract |
ᠲᠤᠰ ᠦᠭᠦᠯᠡᠯ ᠳᠦ ᠂ ᠮᠣᠩᠭᠤᠯ ᠤᠨ ᠬᠠᠮᠤᠭ ᠰᠡᠭᠦᠯᠴᠢ ᠶᠢᠨ ᠶᠡᠬᠡ ᠬᠠᠭᠠᠨ ᠯᠢᠭᠳᠡᠨ ᠬᠠᠭᠠᠨ ᠢ ᠳᠠᠬᠢᠨ ᠰᠢᠨᠵᠢᠯᠡᠬᠦ ᠳᠡᠭᠡᠨ ᠦᠩᠭᠡᠷᠡᠭᠰᠡᠨ ᠦ ᠲᠡᠷᠡᠬᠦ ᠮᠣᠩ᠋ᠭᠤᠯ᠂ ᠬᠤᠢ᠌ᠲᠤ ᠠᠯᠲᠠᠨ ᠤᠯᠤᠰ᠂ ᠮᠢᠩ ᠤᠤᠰ ᠭᠤᠷᠪᠠᠭᠤᠯᠠ ᠶᠢᠨ ᠠᠯᠢ ᠨᠢᠭᠡ ᠡᠲᠡᠭᠡᠳ ᠢ ᠦᠷᠦᠭᠡᠰᠦᠯ ᠢᠶᠡᠷ ᠦᠵᠡᠬᠦ ᠳᠤᠲᠠᠭᠳᠠᠯ ᠢ ᠳᠡᠪᠴᠢᠵᠦ᠂ ᠲᠡᠭᠦᠨ ᠢ ᠭᠤᠷᠪᠠᠨ ᠡᠲᠡᠭᠡᠳ ᠬᠦᠯᠢᠰᠯᠡᠨ ᠲᠤᠭᠲᠠᠨᠢᠭᠰᠠᠨ ᠣᠨᠴᠤᠭᠤᠢ ᠣᠷᠴᠢᠨ ᠠᠬᠤᠢ ᠳᠤ ᠲᠠᠯᠪᠢᠵᠤ᠂ ᠪᠦᠬᠦ ᠲᠠᠯ᠎ᠠ ᠪᠠᠷ ᠰᠢᠨᠵᠢᠯᠡᠬᠦ ᠤᠬᠠᠭᠠᠨᠴᠢ ᠦᠨᠡᠯᠡᠯᠲᠡ ᠦᠭ᠍ᠬᠦ ᠪᠡᠷ ᠣᠷᠤᠯᠳᠤᠵᠠᠢ᠃ ᠪᠦᠬᠦ ᠵᠤᠬᠢᠶᠠᠯ ᠢ ᠭᠤᠷᠪᠠᠨ ᠬᠡᠰᠡᠭ ᠬᠤᠪᠢᠶᠠᠵᠤ᠂ ᠲᠡᠷᠢᠭᠦᠨ ᠦ ᠬᠡᠰᠡᠭ ᠲᠦ ᠯᠢᠭᠳᠡᠨ ᠬᠠᠭᠠᠨ ᠠᠩ᠋ᠬ᠎ᠠ ᠰᠠᠭᠤᠷᠢᠨᠳᠤ ᠰᠠᠭᠤᠭᠰᠠᠨ ᠦᠶᠡᠰ ᠦᠨ ᠴᠠᠭ ᠤᠨ ᠪᠠᠢ᠌ᠳᠠᠯ ᠬᠢᠭᠡᠳ ᠲᠡᠭᠦᠨ ᠳᠦ ᠲᠤᠯᠭᠠᠷᠠᠭᠰᠠᠨ ᠰᠢᠯᠭᠠᠯᠲᠠ ᠶᠢ ᠲᠤᠪᠴᠢᠯᠠᠨ ᠦᠭᠦᠯᠡᠵᠦ᠂ ᠬᠤᠶᠳᠤᠭᠠᠷ ᠬᠡᠰᠡᠭ ᠲᠦ ᠯᠢᠭᠳᠡᠨ ᠬᠠᠭᠠᠨ ᠤ ᠴᠠᠬᠠᠷ ᠤᠨ ᠳᠤᠲᠤᠭᠠᠳᠤ ᠳᠠᠭᠠᠨ ᠡᠬᠡ ᠪᠡᠨ ᠪᠤᠴᠠᠭᠠᠵᠤ ᠠᠪᠤᠭᠰᠠᠨ ᠶᠠᠪᠤᠳᠠᠯ ᠢ ᠭᠤᠤᠯᠴᠢᠯᠠᠨ ᠦᠭᠦᠯᠡᠪᠡ᠃ ᠬᠠᠮᠤᠭ ᠰᠡᠭᠦᠯ ᠦᠨ ᠬᠡᠰᠡᠭ ᠲᠦ ᠯᠢᠭᠳᠡᠨ ᠬᠠᠭᠠᠨ ᠠᠴᠠ ᠬᠤᠢ᠋ᠲᠤ ᠠᠯᠲᠠᠨ ᠤᠯᠤᠰ ᠤᠨ ᠮᠣᠩ᠋ᠭᠤᠯ ᠳᠤ ᠠᠪᠤᠭᠰᠠᠨ ᠨᠡᠪᠴᠢᠯᠲᠡ ᠪᠤᠯᠤᠨ ᠰᠦᠷᠳᠡᠭᠦᠯᠦᠯ ᠳᠦ ᠬᠠᠰᠢ ᠶᠠᠰᠢ ᠪᠠᠷ ᠬᠠᠨᠳᠤᠭᠰᠠᠨ ᠪᠤᠳᠠᠲᠤ ᠪᠠᠢ᠋ᠳᠠᠯ ᠢ ᠲᠤᠢ᠌ᠮᠦᠴᠢᠯᠡᠨ ᠶᠠᠷᠢᠬᠤ ᠶᠢᠨ ᠬᠠᠮᠲᠤ ᠲᠡᠭᠦᠨ ᠦ ᠢᠩᠭᠢᠵᠦ ᠬᠢᠭ᠍ᠰᠡᠨ ᠰᠢᠯᠲᠠᠭᠠᠨ ᠵᠢᠴᠢ ᠨᠦᠯᠦᠭᠡ ᠳᠤᠰᠬᠠᠯ ᠢ ᠴᠤᠬᠤᠰ ᠳ᠋ᠦᠩᠨᠡᠵᠡᠢ᠃ |
Original Literature |
No Original Paper
|
出自 |
内蒙古大学学报
1998年
第3期
|