| Abstract | 
                《ᠡᠵᠡᠨ ᠳ᠋ᠡᠭᠡᠨ ᠦᠨᠡᠨᠴᠢ ᠰᠢᠳᠤᠷᠭᠤ ᠪᠠᠢᠬᠤ》 ᠪᠣᠯ ᠴᠢᠩᠬᠢᠰ ᠬᠠᠭᠠᠨ ᠤ ᠤᠯᠤᠰ ᠲᠦᠷᠦ ᠶᠢᠨ ᠡᠰᠢ ᠶᠣᠰᠤᠨ ᠤ ᠦᠵᠡᠯ ᠰᠨᠨᠠᠭᠠᠨ ᠤ ᠨᠢᠭᠡᠨ ᠦᠨᠳᠦᠰᠦᠨ ᠵᠡᠷᠴᠢᠨ ᠨᠢ ᠪᠣᠯᠬᠤ ᠶᠣᠮ᠃ ᠲᠡᠷᠡ ᠨᠢ  ᠴᠢᠩᠬᠢᠰ ᠬᠠᠭᠠᠨ ᠤ ᠡᠰᠢ ᠶᠣᠰᠤᠨ ᠤ  ᠦᠵᠡᠯᠲᠡ᠂ ᠦᠨᠡ ᠴᠡᠨᠠ ᠶᠢᠨ ᠦᠵᠡᠯᠳᠡ ᠴᠢᠨᠠᠭᠰᠢᠯᠠᠭᠠᠳ ᠪᠦᠬᠦᠢᠯᠡ ᠠᠮᠢᠳᠤᠷᠠᠬᠤᠢ ᠶᠢᠨ ᠦᠵᠡᠯᠲᠡ ᠶᠢᠨ ᠲᠣᠳᠤᠷ ᠠ ᠡᠬᠢᠨ ᠡᠴᠡ ᠨᠢ  ᠠᠪᠤᠭᠠᠳ ᠠᠳᠠᠭ ᠲᠤᠨᠢ ᠬᠦᠷᠲᠡᠯ ᠠ ᠲᠤᠤᠱᠯᠠᠭᠳᠠᠵᠦ ᠪᠠᠢᠳᠠᠭ ᠠᠵᠢ᠃ ᠲᠤᠰ ᠦᠭᠦᠯᠡᠯ ᠳ᠋ᠤ ᠤᠷᠢᠳᠡᠬᠢ ᠬᠦᠮᠦᠰ ᠤᠨ ᠰᠡᠳᠤᠯᠭᠠᠨ ᠤ ᠦᠷ ᠡ ᠪᠦᠲᠦᠭᠡᠯ ᠢᠢᠡᠷ ᠰᠠᠭᠤᠷᠢ ᠪᠣᠯᠭᠠᠨ᠂ ᠴᠢᠩᠬᠢᠰ ᠬᠠᠭᠠᠨ ᠤ 《ᠡᠵᠡᠨ ᠳ᠋ᠡᠭᠡᠨ ᠦᠨᠡᠨᠴᠢ ᠰᠢᠳᠤᠷᠭᠤ ᠪᠠᠢᠬᠤ》ᠦᠵᠡᠯ ᠰᠠᠨᠠᠭᠠ ᠶᠢᠨ ᠦᠨᠳᠦᠰᠦᠨ ᠪᠦᠲᠦᠴᠡ  ᠬᠢᠭᠡᠳ ᠮᠦᠨ ᠴᠢᠨᠠᠷ ᠤᠨ ᠠᠭᠤᠯᠭᠠ ᠵᠢ  ᠲᠤᠳᠤᠷᠬᠠᠢᠯᠠᠵᠠᠢ.᠃《ᠮᠣᠩᠭᠤᠯ ᠤᠨ ᠨᠢᠭᠤᠴᠠ ᠲᠤᠪᠴᠢᠶᠠᠨ》ᠡᠴᠡ ᠠᠵᠢᠭᠯᠠᠪᠠᠯ᠂ ᠴᠢᠩᠬᠢᠭ ᠬᠠᠭᠠᠨ ᠤ 《ᠡᠵᠡᠨ ᠳ᠋ᠡᠭᠡᠨ ᠦᠨᠡᠨᠴᠢ ᠰᠢᠲᠤᠷᠭᠤ ᠪᠠᠢᠬᠤ》ᠦᠵᠡᠯ ᠰᠠᠨᠠᠭᠠ ᠨᠢ  ᠭᠤᠤᠯᠳᠠᠭᠤ ᠭᠤᠷᠪᠠᠨ ᠲᠠᠯ ᠠ ᠶᠢᠨ ᠠᠭᠤᠯᠭᠠ ᠪᠡᠷ ᠪᠦᠷᠢᠯᠳᠤᠬᠤ ᠨᠢᠭᠲᠠ ᠴᠢᠩᠭᠠ ᠯᠡᠬᠢᠭ ᠤᠨ ᠲᠤᠭᠲᠠᠯᠴᠠᠭᠠ ᠪᠡᠷ  ᠢᠯᠡᠷᠡᠳᠡᠭ ᠪᠢᠯᠡ᠃ 《ᠰᠡᠳᠬᠢᠯ ᠤᠨ ᠬᠦᠯᠦᠭ》ᠪᠣᠯ ᠴᠢᠩᠬᠢᠰ ᠬᠠᠭᠠᠨ ᠤ ᠲᠤᠷᠠᠳᠤᠨ ᠭᠠᠷᠭᠠᠭᠰᠠᠨ ᠭᠡᠷ ᠡ ᠦᠭᠡ ᠪᠣᠯᠬᠤ ᠪᠦᠭᠡᠳ ᠲᠡᠷᠡ ᠨᠢ 《ᠡᠵᠡᠨ ᠳᠡᠡᠨ ᠦᠨᠡᠨᠴᠢ ᠰᠢᠳᠤᠷᠭᠤ  ᠪᠠᠢᠬᠤ 》ᠦᠵᠡᠯ ᠰᠨᠠᠠᠭᠠᠨ ᠤ ᠭᠤᠷᠪᠠᠨ ᠲᠠᠯ ᠠᠶᠢᠨ ᠠᠭᠤᠯᠭᠠ ᠵᠢ ᠲᠡᠭᠡᠳᠦ ᠬᠡᠮᠵᠢᠶ ᠡ  ᠪᠡᠷ ᠬᠤᠷᠢᠶᠠᠩᠭᠤᠢᠯᠠᠵᠤ ᠮᠦᠨ ᠴᠢᠨᠠᠷ ᠡᠴᠡ ᠨᠢ ᠲᠠᠨᠢᠭᠤᠯᠳᠠᠭ ᠪᠠᠢᠨᠠ᠃ |