Paper Information


Title ᠴᠠᠭ ᠣᠷᠤᠨ ᠤ ᠨᠡᠷ᠎ᠡ ᠳᠦ ᠬᠤᠯᠪᠤᠭᠳᠠᠭᠰᠠᠨ ᠬᠤᠶᠠᠷ ᠤᠴᠢᠷ ᠢ ᠨᠠᠷᠢᠪᠴᠢᠯᠠᠨ ᠰᠢᠨᠵᠢᠯᠡᠬᠦ ᠨᠢ
Creator ᠨᠠ‍᠂ ᠭᠡᠷᠡᠯᠲᠦ
Keyword
Abstract ᠨᠢᠭᠡ᠂ 《ᠠᠭᠤᠯᠠᠨ ᠳᠡᠭᠡᠷ᠎ᠡ ᠭᠠᠷᠤᠶ᠎ᠠ᠂ ᠰᠡᠳᠬᠢᠯ ᠳᠤᠲᠤᠷ᠎ᠠ ᠪᠠᠨ ᠪᠤᠳᠤᠬᠤ》ᠭᠡᠬᠦ ᠮᠡᠲᠦ ᠪᠡᠷ ᠬᠡᠷᠡᠭᠯᠡᠭᠳᠡᠭᠰᠡᠨ ᠴᠠᠭ ᠣᠷᠤᠨ ᠤ ᠨᠡᠷ᠎ᠡ ᠪᠤᠯ ᠪᠤᠰᠤᠳ ᠦᠭᠡᠨ ᠳᠦ ᠲᠤᠰᠠᠯᠠᠵᠤ ᠣᠷᠤᠭᠠᠳ ᠬᠡᠢ᠌ᠰᠪᠦᠷᠢ ᠦᠭᠡ ᠪᠤᠯᠵᠤ ᠬᠡᠷᠡᠭᠯᠡᠭᠳᠡᠵᠦ ᠪᠠᠢ᠌ᠬᠤ ᠶᠠᠪᠤᠳᠠᠯ ᠪᠢᠰᠢ᠂ ᠬᠠᠷᠢᠨ ᠤᠭ ᠤᠳᠬ᠎ᠠ ᠪᠠᠷ ᠢᠶᠠᠨ ᠪᠡᠶ᠎ᠡ ᠪᠡᠨ ᠳᠠᠭᠠᠭᠠᠵᠤ ᠬᠡᠷᠡᠭᠯᠡᠭᠳᠡᠵᠦ ᠪᠠᠢ᠌ᠭ᠎ᠠ ᠶᠠᠪᠤᠳᠠᠯ ᠮᠦᠨ᠃ ᠲᠡᠭᠦᠨ ᠦ ᠡᠮᠦᠨ᠎ᠡ ᠨᠢ ᠣᠷᠤᠭᠰᠠᠨ ᠦᠭᠡᠪᠤᠯᠲᠡᠷᠡ ᠴᠠᠭ ᠣᠷᠤᠨ ᠤ ᠨᠡᠷ᠎ᠡ ᠶᠢᠨ ᠢᠯᠡᠳᠭᠡᠵᠦ ᠪᠠᠢ᠌ᠭ᠎ᠠ ᠴᠠᠭ ᠣᠷᠤᠨ ᠢ ᠴᠤᠬᠤᠮ ᠪᠤᠳᠠᠲᠠᠢ ᠪᠠᠷᠢᠮᠵᠢᠶᠠᠯᠠᠵᠤ ᠬᠡᠮᠵᠢᠬᠦ ᠡᠬᠢᠯᠡᠯᠲᠡ ᠶᠢᠨ ᠴᠢᠭ᠌ ᠪᠤᠯᠤᠭᠴᠢ ᠬᠦᠮᠦᠨ ᠠᠮᠢᠲᠠᠨ᠂ ᠬᠡᠷᠡᠭ ᠶᠠᠭᠤᠮ᠎ᠠ᠂ ᠦᠢᠯᠡ ᠬᠦᠳᠡᠯᠭᠡᠭᠡᠨ ᠨᠢ ᠪᠤᠯᠬᠤ ᠶᠤᠮ ᠪᠠᠢ᠌ᠨ᠎ᠠ᠃ ᠬᠤᠶᠠᠷ᠂ ᠴᠠᠭ ᠣᠷᠤᠨ ᠤ ᠳᠠᠭᠠᠪᠤᠷᠢ ᠨᠤᠭᠤᠳ ᠨᠢ ᠪᠦᠬᠦ ᠴᠠᠭ ᠣᠷᠤᠨ ᠤ ᠨᠡᠷ᠎ᠡ ᠳᠦ ᠠᠳᠠᠯᠢ ᠲᠡᠭᠰᠢ ᠪᠡᠷ ᠬᠤᠯᠪᠤᠭᠳᠠᠬᠤ ᠪᠢᠰᠢ᠃ ᠴᠠᠭ ᠣᠷᠤᠨ ᠤ ᠳᠠᠭᠠᠪᠤᠷᠢ ᠨᠤᠭᠤᠳ ᠢ ᠴᠠᠭ ᠣᠷᠤᠨ ᠤ ᠨᠡᠷ᠎ᠡ ᠶᠢᠨ ᠢᠵᠠᠭᠤᠷ ᠪᠠ ᠦᠨᠳᠦᠰᠦᠨ ᠳᠦ ᠵᠠᠯᠭᠠᠬᠤ ᠳᠤ ᠦᠨᠳᠦᠰᠦ — ᠢᠵᠠᠭᠤᠷ ᠲᠤ ᠵᠠᠯᠭᠠᠬᠤ ᠳᠠᠭᠠᠪᠤᠷᠢ ᠪᠤᠯᠤᠨ ᠦᠨᠳᠦᠰᠦᠨ ᠳᠦ ᠵᠠᠯᠭᠠᠬᠤ ᠳᠠᠭᠠᠪᠤᠷᠢ ᠭᠡᠵᠦ ᠬᠤᠶᠠᠷ ᠵᠤᠢ᠌ᠯ ᠤᠨ ᠠᠳᠠᠯᠢ ᠦᠭᠡᠢ ᠪᠠᠢ᠌ᠳᠠᠯ ᠪᠠᠢ᠌ᠳᠠᠭ ᠪᠤᠶᠤ ᠱᠠᠭᠠᠷᠳᠠᠭᠳᠠᠳᠠᠭ ᠪᠠᠢ᠌ᠨ᠎ᠠ᠃
Original Literature No Original Paper
出自 内蒙古大学学报 1995年 第3期

联系我们


内蒙古大学图书馆
呼和浩特市大学西路235号
中国·内蒙古
P: (0471) 4992561
E: huangfeilong@imu.edu.cn