Paper Information


Title ᠶᠠᠫᠤᠨ ᠮᠣᠩᠭ᠋ᠤᠯ ᠮᠠᠰᠢᠨ ᠣᠷᠴᠢᠭᠤᠯᠭ᠋ ᠠ ᠳ᠋ᠤ ᠲᠤᠯᠭᠠᠷᠠᠵᠤ ᠪᠠᠢᠢᠬ᠋ ᠠ ᠬᠦᠴᠢᠷᠳᠡᠯᠳᠡᠢ ᠠᠰᠠᠭᠤᠳᠠᠯ ᠤᠨ ᠲᠣᠬᠠᠢ— ᠲᠠᠭᠠᠪᠤᠷᠢ ᠶᠢᠨ ᠣᠷᠴᠢᠭᠤᠯᠭ᠋ ᠠ ᠶᠢᠨ ᠵᠢᠱᠢᠶᠡᠨ ᠲᠡᠭᠡᠷ ᠡ
Creator ᠪᠠᠢ ᠱᠦᠨ
Keyword ᠡᠭᠦᠰᠭᠡᠯ ᠬᠡᠯᠡ ᠵᠦᠢ; ᠮᠠᠰᠢᠨ ᠣᠷᠴᠢᠭᠤᠯᠭ᠋ ᠠ; ᠲᠠᠭᠠᠪᠤᠷᠢ
Abstract ᠶᠠᠫᠤᠨ ᠮᠣᠩᠭ᠋ᠤᠯ ᠮᠠᠰᠢᠨ ᠣᠷᠴᠢᠭᠤᠯᠭ᠋ ᠠ ᠶᠢᠨ ᠲᠠᠭᠠᠪᠤᠷᠢ ᠶᠢᠨ ᠣᠷᠴᠢᠭᠤᠯᠭ᠋ ᠠ ᠳ᠋ᠤ ᠪᠠᠰᠠ ᠨᠢᠯᠢᠶᠡᠳ ᠣᠯᠠᠨ ᠬᠦᠴᠢᠷᠳᠡᠯᠳᠡᠢ ᠠᠰᠠᠭᠤᠳᠠᠯ ᠣᠷᠤᠰᠢᠵᠤ ᠪᠠᠢᠢᠨ᠌ ᠠ᠃ ᠡᠨᠡ ᠨᠢ ᠶᠠᠫᠤᠨ ᠬᠡᠯᠡᠨ ᠤ ᠦᠢᠯᠡ ᠦᠭᠡᠨ ᠳᠤ ᠢᠵᠠᠭᠤᠷ ᠤᠨ ᠲᠡᠭᠦᠰᠬᠦ ᠬᠡᠯᠪᠡᠷᠢ ᠶᠢᠨ ᠣᠯᠠᠨ ᠶᠠᠩᠵᠤᠲᠤ ᠴᠢᠨᠠᠷ ᠪᠠ ᠲᠠᠭᠠᠪᠤᠷᠢ ᠶᠢᠨ ᠣᠯᠠᠨ ᠤᠳᠬᠠᠲᠤ ᠴᠢᠨᠠᠷ ᠲᠠᠢ ᠡᠴᠡ ᠪᠣᠯᠤᠭᠰᠠᠨ ᠶᠣᠮ᠃ ᠦᠭᠦᠯᠡᠯ ᠳ᠋ᠤ ᠵᠣᠬᠢᠶᠠᠭᠴᠢ ᠡᠴᠡ ᠶᠠᠫᠤᠨ ᠮᠣᠩᠭ᠋ᠤᠯ ᠮᠠᠰᠢᠨ ᠣᠷᠴᠢᠭᠤᠯᠭ᠋ ᠠ  ᠶᠢᠨ ᠰᠢᠰᠲ᠋ᠸᠮ ᠢ ᠡᠭᠦᠳᠦᠨ ᠪᠦᠲᠦᠭᠡᠬᠦ ᠶᠠᠪᠤᠴᠠ ᠳ᠋ᠤ ᠲᠤᠯᠭᠠᠷᠠᠭᠰᠠᠨ ᠠᠰᠠᠭᠤᠳᠠᠯ ᠤᠳ ᠢ ᠦᠨᠳᠦᠰᠦᠯᠡᠵᠦ᠂ ᠲᠠᠭᠠᠪᠤᠷᠢ ᠶᠢᠨ ᠣᠷᠴᠢᠭᠤᠯᠭ᠋ ᠠ ᠳ᠋ᠤ ᠣᠷᠤᠰᠢᠵᠤ ᠪᠠᠢᠢᠬ᠋ ᠠ ᠵᠠᠷᠢᠮ ᠬᠦᠴᠢᠷᠳᠡᠯᠳᠡᠢ ᠠᠰᠠᠭᠤᠳᠠᠯ ᠳ᠋ᠤ ᠵᠠᠳᠠᠯᠤᠯᠳᠠ ᠬᠢᠬᠦ ᠶᠢᠨ ᠬᠠᠮᠲᠤ᠂ ᠲᠡᠭᠦᠨ ᠢ ᠰᠢᠢᠳᠪᠦᠷᠢᠯᠡᠬᠦ ᠠᠷᠭ᠋ ᠠ ᠵᠠᠮ ᠢ ᠰᠦᠪᠡᠭ᠍ᠴᠢᠯᠡᠪᠡ᠃
Original Literature View Original Paper
出自 内蒙古社会科学(蒙文版) 2014年 第2期

联系我们


内蒙古大学图书馆
呼和浩特市大学西路235号
中国·内蒙古
P: (0471) 4992561
E: huangfeilong@imu.edu.cn