Paper Information


Title ᠡᠾᠧᠰᠲ᠋ᠠᠨ ᠰᠠᠭᠠᠯᠢ ᠶᠢᠨ ᠦᠨᠢᠶ᠎ᠡ ᠶᠢᠨ ᠡᠩ ᠦᠨ ᠭᠡᠭᠡᠯᠳᠦᠭᠦᠯᠭᠡ ᠪᠡ ᠪᠡᠯᠭᠡ ᠶᠢᠨ ᠢᠯᠭᠠᠯ ᠢ ᠵᠠᠬᠢᠷᠬᠤ ᠭᠡᠭᠡᠯᠳᠦᠭᠦᠯᠭᠡ ᠶᠢᠨ ᠨᠤᠷᠮ᠎ᠠ ᠶᠢ ᠠᠳᠠᠯᠢᠳᠬᠠᠨ ᠦᠭᠦᠯᠡᠬᠦ ᠨᠢ
Creator ᠰᠡᠷᠭᠦᠯᠡᠩ
Keyword ᠠᠩᠬ᠎ᠠ ᠲᠤᠭᠤᠯᠯᠠᠬᠤ ᠦᠨᠢᠶ᠎ᠡ; ᠲᠤᠭᠤᠯᠯᠠᠵᠤ ᠦᠩᠭᠡᠷᠡᠭᠰᠡᠨ ᠦᠨᠢᠶ᠎ᠡ; ᠪᠡᠯᠭᠡ ᠶᠢᠨ ᠢᠯᠭᠠᠯ ᠢ ᠵᠠᠬᠢᠷᠬᠤ ᠦᠷ᠎ᠡ ᠶᠢᠨ ᠰᠢᠩᠭᠡᠨ; ᠠᠮᠢᠵᠢᠷᠠᠯ ᠤᠨ ᠬᠦᠴᠦᠨ; ᠭᠡᠭᠡᠯᠳᠦᠬᠦ ᠨᠤᠷᠮ᠎ᠠ
Abstract ᠡᠾᠧᠰᠲ᠋ᠠᠨ ᠰᠠᠭᠠᠯᠢ ᠶᠢᠨ ᠦᠨᠢᠶ᠎ᠡ ᠶᠢᠨ ᠪᠡᠯᠭᠡ ᠶᠢᠨ ᠢᠯᠭᠠᠯ ᠢ ᠵᠠᠬᠢᠷᠬᠤ ᠢᠴᠡᠭᠡᠮᠡᠯ ᠦᠷ᠎ᠡ ᠪᠡ ᠡᠩ ᠦᠨ ᠢᠴᠡᠭᠡᠮᠡᠯ ᠦᠷ᠎ᠡ ᠶᠢᠨ ᠭᠠᠷ ᠭᠡᠭᠡᠯᠳᠦᠭᠦᠯᠭᠡ ᠶᠢᠨ ᠭᠡᠭᠡᠯᠳᠦᠭᠰᠡᠨ ᠨᠤᠷᠮ᠎ᠠᠶᠢ ᠬᠠᠷᠢᠴᠠᠭᠤᠯᠵᠤ᠂ ᠪᠡᠯᠭᠡ ᠶᠢᠨ ᠢᠯᠭᠠᠯ ᠢ ᠵᠠᠬᠢᠷᠬᠤ ᠢᠴᠡᠭᠡᠮᠡᠯ ᠦᠷ᠎ᠡ ᠪᠡᠷ ᠠᠩᠬ᠎ᠠ ᠲᠤᠭᠤᠯᠯᠠᠬᠤ ᠦᠨᠢᠶ᠎ᠡ ᠪᠡ ᠲᠤᠭᠤᠯᠯᠠᠵᠤ ᠦᠩᠭᠡᠷᠡᠭᠰᠡᠨ ᠦᠨᠢᠶᠡᠨ ᠳᠦ ᠦᠷ᠎ᠡ ᠳᠠᠮᠵᠢᠭᠤᠯᠬᠤ ᠠᠰᠢᠭᠯᠠᠮᠵᠢ ᠶᠢ ᠠᠳᠠᠯᠢᠳᠬᠠᠪᠠ᠃ ᠦᠷ᠎ᠡ ᠳ᠋ᠦᠩ ᠳᠦ ᠲᠤᠳᠤᠷᠬᠠᠢᠯᠠᠭᠰᠠᠨ ᠨᠢ ᠪᠡᠯᠭᠡ ᠶᠢᠨ ᠢᠯᠭᠠᠯ ᠢ ᠵᠠᠬᠢᠷᠬᠤ ᠢᠴᠡᠭᠡᠮᠡᠯ ᠦᠷ᠎ᠡ (200 ᠲᠦᠮᠡ/0.25mL)᠋ ᠶᠢᠨ ᠭᠠᠷ ᠭᠡᠭᠡᠯᠳᠦᠭᠦᠯᠭᠡ ᠶᠢᠨ ᠭᠡᠭᠡᠯᠳᠦᠭᠰᠡᠨ ᠨᠤᠷᠮ᠎ᠠ ᠨᠢ 64%᠂ ᠨᠢᠭᠡᠳᠦᠭᠡᠷ ᠣᠷᠤᠭᠠᠨ ᠤ ᠬᠤᠭᠤᠴᠠᠭᠠᠨ ᠳᠤ ᠭᠡᠭᠡᠯᠳᠦᠭᠰᠡᠨ ᠨᠤᠷᠮ᠎ᠠ ᠨᠢ 59%᠂ ᠡᠩ ᠦᠨ ᠢᠴᠡᠭᠡᠮᠡᠯ ᠦᠷ᠎ᠡ (1000 ᠲᠦᠮᠡ/0.25mL)᠋ ᠶᠢᠨ ᠭᠠᠷ ᠭᠡᠭᠡᠯᠳᠦᠭᠦᠯᠭᠡ ᠶᠢᠨ ᠭᠡᠭᠡᠯᠳᠦᠭᠰᠡᠨ ᠨᠤᠷᠮ᠎ᠠ ᠨᠢ 80%᠂ ᠨᠢᠭᠡᠳᠦᠭᠡᠷ ᠣᠷᠤᠭᠠᠨ ᠤ ᠬᠤᠭᠤᠴᠠᠭᠠᠨ ᠳᠤ ᠭᠡᠭᠡᠯᠳᠦᠭᠰᠡᠨ ᠨᠤᠷᠮ᠎ᠠ ᠨᠢ 66% ᠪᠤᠯᠤᠨ᠎ᠠ᠃ ᠪᠡᠯᠭᠡ ᠶᠢᠨ ᠢᠯᠭᠠᠯ ᠢ ᠵᠠᠬᠢᠷᠬᠤ ᠢᠴᠡᠭᠡᠮᠡᠯ ᠦᠷ᠎ᠡ ᠶᠢᠨ ᠭᠠᠷ ᠭᠡᠭᠡᠯᠳᠦᠭᠦᠯᠭᠡ ᠳᠦ ᠠᠩᠬ᠎ᠠ ᠲᠤᠭᠤᠯᠯᠠᠬᠤ ᠦᠨᠢᠶ᠎ᠡ ᠶᠢᠨ ᠭᠡᠭᠡᠯᠳᠦᠭᠰᠡᠨ ᠨᠤᠷᠮ᠎ᠠ ᠨᠢ 76%᠂ ᠲᠤᠭᠤᠯᠯᠠᠵᠤ ᠦᠩᠭᠡᠷᠡᠭᠰᠡᠨ ᠦᠨᠢᠶ᠎ᠡ ᠶᠢᠨ ᠭᠡᠭᠡᠯᠳᠦᠭᠰᠡᠨ ᠨᠤᠷᠮ᠎ᠠ ᠨᠢ 56% ᠪᠤᠯᠤᠨ᠎ᠠ᠃ ᠤᠯᠠᠮ ᠨᠢᠭᠡ ᠠᠯᠬᠤᠮ ᠰᠤᠳᠤᠯᠭᠠᠨ ᠢᠶᠠᠨ ᠦᠷᠭᠡᠵᠢᠭᠦᠯᠵᠦ᠂ ᠪᠡᠯᠭᠡ ᠶᠢᠨ ᠢᠯᠭᠠᠯ ᠢ ᠵᠠᠬᠢᠷᠬᠤ ᠢᠴᠡᠭᠡᠮᠡᠯ ᠦᠷ᠎ᠡ (200 ᠲᠦᠮᠡ/0.25mL) ᠪᠤᠯᠤᠨ ᠡᠩ ᠦᠨ ᠢᠴᠡᠭᠡᠮᠡᠯ ᠦᠷ᠎ᠡ (1000 ᠲᠦᠮᠡ/0.25mL)᠋ ᠶᠢ ᠭᠡᠰᠭᠡᠭᠰᠡᠨ ᠦ ᠳᠠᠷᠠᠭᠠᠬᠢ ᠠᠮᠢᠳᠤᠷᠠᠬᠤ ᠴᠠᠭ ᠪᠤᠯᠤᠨ ᠦᠷ᠎ᠡ ᠳᠠᠮᠵᠢᠭᠤᠯᠬᠤ ᠴᠠᠭ ᠨᠢ ᠭᠡᠭᠡᠯᠳᠦᠬᠦ ᠨᠤᠷᠮ᠎ᠠ ᠶᠢ ᠳᠡᠭᠡᠭᠰᠢᠯᠡᠭᠦᠯᠬᠦ ᠦᠨᠳᠦᠰᠦ ᠪᠠᠷᠢᠮᠲᠠ ᠶᠢ ᠬᠠᠩᠭᠠᠪᠠ᠃ ᠲᠤᠷᠰᠢᠯᠲᠠ ᠶᠢᠨ ᠦᠷ᠎ᠡ ᠳ᠋ᠦᠩ ᠡᠴᠡ ᠦᠵᠡᠪᠡᠯ᠄ ᠪᠡᠯᠭᠡ ᠶᠢᠨ ᠢᠯᠭᠠᠯ ᠢ ᠵᠠᠬᠢᠷᠬᠤ ᠢᠴᠡᠭᠡᠮᠡᠯ ᠦᠷ᠎ᠡ (200 ᠲᠦᠮᠡ/0.25mL)᠋ ᠶᠢᠨ ᠠᠮᠢᠵᠢᠷᠠᠯ ᠤᠨ ᠬᠦᠴᠦᠨ ᠨᠢ ᠦᠨᠳᠦᠷ᠂ ᠪᠠᠷᠤᠭ 0.5 ᠪᠤᠯᠤᠨ᠎ᠠ᠃ ᠭᠡᠲᠡᠯ᠎ᠡ ᠠᠮᠢᠵᠢᠷᠠᠯ ᠤᠨ ᠬᠦᠴᠦᠨ ᠦ ᠪᠠᠭᠤᠷᠠᠬᠤ ᠬᠤᠷᠳᠤᠴᠠ ᠨᠢ ᠬᠤᠷᠳᠤᠨ᠂ ᠠᠮᠢᠳᠤᠷᠠᠬᠤ ᠴᠠᠭ ᠨᠢ ᠣᠬᠤᠷ ᠶᠤᠮ᠃ 6h᠋ ᠤᠨ ᠳᠠᠷᠠᠭ᠎ᠠ ᠦᠨᠳᠦᠰᠦᠨ ᠳᠡᠭᠡᠨ ᠲᠡᠭ ᠪᠤᠯᠤᠨ᠎ᠠ᠃ ᠡᠩ ᠦᠨ ᠢᠴᠡᠭᠡᠮᠡᠯ ᠦᠷ᠎ᠡ (1000 ᠲᠦᠮᠡ/0.25mL)᠋ ᠶᠢ ᠭᠡᠰᠭᠡᠭᠰᠡᠨ ᠦ ᠳᠠᠷᠠᠭᠠᠬᠢ ᠠᠮᠢᠵᠢᠷᠠᠯ ᠤᠨ ᠬᠦᠴᠦᠨ ᠨᠢ 0.4 ~ 0.5᠋ ᠶᠢᠨ ᠬᠤᠭᠤᠷᠤᠨᠳᠤ ᠪᠤᠯᠤᠨ᠎ᠠ᠃ ᠭᠡᠲᠡᠯ᠎ᠡ ᠠᠮᠢᠳᠤᠷᠠᠬᠤ ᠴᠠᠭ ᠨᠢ ᠤᠷᠲᠤ᠂ ᠠᠮᠢᠳᠤᠷᠠᠯ ᠤᠨ ᠬᠦᠴᠦᠨ ᠦ ᠪᠠᠭᠤᠷᠠᠬᠤ ᠬᠤᠷᠳᠤᠴᠠ ᠨᠢ ᠤᠳᠠᠭᠠᠨ᠂ 8h᠋ ᠤᠨ ᠳᠠᠷᠠᠭ᠎ᠠ ᠦᠨᠳᠦᠰᠦᠨ ᠳᠡᠭᠡᠨ ᠲᠡᠭ ᠪᠤᠯᠤᠨ᠎ᠠ᠃
Original Literature No Original Paper
出自 内蒙古师范大学学报(自然科学蒙古文版) 2014年 第4期

联系我们


内蒙古大学图书馆
呼和浩特市大学西路235号
中国·内蒙古
P: (0471) 4992561
E: huangfeilong@imu.edu.cn