Abstract |
ᠬᠤᠯᠠᠨ ᠰᠢᠷᠭ᠎ᠠ ᠲᠠᠭ᠎ᠠ ᠤᠷᠤᠨ ᠤ 7 ᠴᠠᠭ ᠠᠭᠤᠷ ᠤᠨ ᠦᠷᠳᠡᠭᠡᠨ ᠳᠤ ᠬᠢ 1956~2013 ᠤᠨ ᠤ ᠬᠤᠭᠤᠷᠤᠨᠳᠤᠬᠢ ᠵᠢᠯ ᠤᠨ ᠲᠤᠮᠳᠠᠴᠢ ᠠᠭᠠᠷ ᠤᠨ ᠲᠤᠯᠠᠭᠠᠨ ᠤ ᠲᠤᠭ᠎ᠠ ᠮᠠᠲ᠋ᠸᠷᠢᠶᠠᠯ ᠳᠤ ᠰᠠᠭᠤᠷᠢᠯᠠᠵᠦ᠂ ᠱᠤᠭᠤᠮᠯᠢᠭ ᠬᠠᠵᠠᠢ᠋ᠯᠳᠠ ᠶᠢᠨ ᠲᠦᠰᠦᠯ᠂ Mann-Kendall ᠲᠤᠷᠰᠢᠯᠳᠡ ᠶᠢᠨ ᠠᠷᠭ᠎ᠠ ᠵᠢ ᠬᠡᠷᠡᠭᠯᠡᠨ ᠠᠭᠠᠷ ᠤᠨ ᠲᠤᠯᠠᠭᠠᠨ ᠤ ᠬᠤᠪᠢᠷᠠᠯᠳᠠ ᠶᠢᠨ ᠵᠢᠮ᠎ᠠ ᠶᠤᠰᠤ ᠳᠤ ᠵᠠᠳᠠᠯᠤᠯᠳᠠ ᠬᠢᠪᠡ᠃ ᠰᠤᠳᠤᠯᠭᠠᠨ ᠤ ᠳ᠋ᠦᠩ ᠳᠤ᠂ ᠤᠢ᠋ᠷᠠ ᠶᠢᠨ 60 ᠵᠢᠯ ᠤᠨ ᠲᠤᠷᠰᠢ ᠠᠭᠠᠷ ᠤᠨ ᠲᠤᠯᠠᠭᠠᠨ ᠲᠤᠮᠳᠠᠴᠢ ᠪᠠᠷ 2.5℃ ᠲᠡᠭᠡᠭ᠍ᠰᠢᠯᠡᠵᠦ᠂ ᠬᠤᠪᠢᠷᠠᠯᠳᠠ ᠶᠢᠨ ᠬᠤᠷᠳᠤᠯᠠᠮᠵᠢ ᠨᠢ 0.397℃/10a ᠪᠤᠯᠤᠨ᠎ᠠ᠃ ᠤᠨᠴᠠᠭᠠᠢᠯᠠᠨ 20 ᠳ᠋ᠤᠭᠠᠷ ᠵᠠᠭᠤᠨ ᠤ ᠨᠠᠶᠠᠭᠠᠳ ᠤᠨ ᠤ ᠰᠡᠬᠦᠯᠴᠢ ᠡᠴᠨ ᠨᠡᠮᠡᠭᠳᠡᠯ ᠨᠢ ᠨᠡᠩ ᠢᠯᠡᠷᠭᠡᠢ ᠪᠠᠢ᠋ᠭᠰᠠᠨ ᠡᠴᠨ 2008~2012 ᠤᠨ ᠤ ᠬᠤᠭᠤᠷᠤᠨᠳᠤ ᠲᠤᠷᠤᠭᠰᠢᠯᠠᠬᠤ ᠬᠠᠨᠳᠤᠰᠢ ᠲᠠᠢ ᠪᠤᠯᠵᠦ᠂ 2013ᠤᠨ ᠬᠦᠷᠬᠦ ᠳᠤ ᠲᠡᠬᠢᠨ ᠲᠡᠭᠡᠭ᠍ᠰᠢᠯᠡᠪᠡ᠃ ᠠᠭᠠᠷ ᠤᠨ ᠲᠤᠯᠠᠭᠠᠨ ᠤ ᠤᠯᠠᠷᠢᠯ ᠤᠨ ᠬᠤᠪᠢᠷᠠᠯᠳᠠ ᠳᠤ᠂ ᠡᠪᠤᠯ ᠤᠨ ᠤᠯᠠᠷᠢᠯ ᠤᠨ ᠠᠭᠠᠷ ᠤᠨ ᠲᠤᠯᠠᠭᠠᠨ ᠤ ᠲᠡᠭᠡᠭ᠍ᠰᠢᠯᠡᠯᠳᠡ ᠨᠢ ᠬᠠᠮᠤᠭ ᠤᠨ ᠢᠯᠡᠷᠭᠡᠢ ᠪᠠᠢ᠋ᠵᠦ᠂ ᠲᠤᠢ᠋ᠯ ᠤᠨ ᠬᠠᠮᠤᠭ ᠲᠤᠤᠷ᠎ᠠ ᠲᠤᠯᠠᠭᠠᠨ ᠨᠢ ᠲᠡᠭᠡᠭ᠍ᠰᠢᠯᠡᠬᠦ ᠬᠠᠨᠳᠤᠰᠢ ᠲᠠᠢ᠃ ᠤᠷᠤᠨ ᠵᠠᠢ ᠲᠡᠭᠡᠷ᠎ᠡ ᠠᠭᠠᠷ ᠤᠨ ᠲᠤᠯᠠᠭᠠᠨ ᠢᠯᠡᠷᠭᠡᠢ ᠵᠤᠷᠢᠶᠠᠨᠳᠤ ᠴᠢᠨᠡᠷ ᠲᠠᠢ ᠪᠠᠢ᠋ᠵᠦ᠂ ᠵᠠᠬᠦᠨ ᠬᠤᠢ᠋ᠨᠠ ᠡᠴᠨ ᠪᠠᠷᠠᠭᠤᠨ ᠡᠮᠦᠨᠡᠰᠢ᠂ ᠡᠮᠦᠨ᠎ᠡ ᠡᠴᠡ ᠬᠤᠢ᠋ᠰᠢ ᠪᠡᠨ ᠢᠳᠡᠭ ᠢᠳᠡᠭ ᠶᠢᠡᠷ ᠲᠡᠭᠡᠭ᠍ᠰᠢᠯᠡᠭᠰᠡᠨ ᠬᠠᠨᠳᠤᠰᠢ ᠲᠠᠢ᠃ |