Paper Information


Title 《ᠮᠤᠩᠭ᠋ᠤᠯ ᠤᠨ ᠨᠢᠭᠤᠴᠠ ᠳᠤᠪᠴᠢᠶᠠᠨ》 ‍ᠤ ᠪᠢᠳᠡᠬᠦᠦ ᠦᠡᠬ ᠶᠢᠨ ᠰᠤᠳᠤᠯᠭᠠ(ᠭᠤᠷᠪᠠ)
Creator ᠨᠠ‍᠂ ᠰᠠᠢᠢᠵᠢᠷᠠᠬᠤ
Keyword 《ᠮᠤᠩᠭ᠋ᠤᠯ ᠤᠨ ᠨᠢᠭᠤᠴᠠ ᠳᠤᠪᠴᠢᠶᠠᠨ》;《ᠪᠦᠬᠡᠷ᠎ᠡ ᠶᠢᠨ ᠪᠦᠭ᠍ᠰᠠ ᠳ᠋ᠤᠷ᠂ᠴᠡᠭᠡᠷ᠎ᠡ ᠶᠢᠨ ᠴᠡᠭᠡᠵᠢ ᠳ᠋ᠤᠷ ᠠᠳᠤᠭᠠᠢ》;ᠪᠢᠳᠡᠭᠦᠤ ᠦᠬᠡ;ᠳᠠᠯᠳᠠ ᠶᠤᠭᠳᠠᠷᠠᠬᠤ ᠰᠠᠨᠠᠭ᠎ᠠ
Abstract 《ᠪᠦᠬᠡᠷ᠎ᠡ ᠶᠢᠨ ᠪᠦᠭ᠍ᠰᠠ ᠳ᠋ᠤᠷ᠂ᠴᠡᠭᠡᠷ᠎ᠡ ᠶᠢᠨ ᠴᠡᠭᠡᠵᠢ ᠳ᠋ᠤᠷ ᠠᠳᠤᠭᠠᠢ》᠎— 《ᠮᠤᠩᠭ᠋ᠤᠯ ᠤᠨ ᠨᠢᠭᠤᠴᠠ ᠳᠤᠪᠴᠢᠶᠠᠨ》 ‍ᠳᠡᠬᠢ ᠤᠢᠢᠯᠠᠭᠠᠬᠤ ᠳᠤ ᠬᠠᠮᠤᠭ ᠤᠨ ᠬᠦᠴᠢᠷᠳᠡᠢ ᠪᠢᠳᠡᠬᠦᠦ ᠦᠬᠡᠨ ᠤ ᠨᠢᠭᠡ ᠨᠢ᠃《ᠨᠢᠭᠤᠴᠠ ᠳᠤᠪᠴᠢᠶᠠᠨ》ᠰᠤᠳᠤᠯᠤᠭᠴᠢᠳ᠂ ᠲᠤᠰ ᠪᠢᠳᠡᠬᠦᠦ ᠦᠬᠡᠨ ᠤ ᠳᠤᠳᠤᠷᠠᠬᠢ《 ᠪᠦᠭᠡᠷ᠎ᠡ ~ ᠪᠦᠭᠡᠷᠡᠢ》᠂《ᠴᠡᠭᠡᠷ᠎ᠡ ~ ᠴᠡᠭᠡᠷᠠᠢ》 ᠬᠤᠶᠠᠷ ᠬᠤᠤᠰ ᠵᠠᠩᠬᠢᠯᠠᠭ᠎ᠠ ᠶᠢᠨ ᠦᠬᠡ ᠵᠢ ᠤ;ᠠᠨ ᠶᠠᠩᠵᠤ ᠪᠡᠷ ᠲᠠᠢᠢᠯᠪᠤᠷᠢᠯᠠᠵᠤ ᠪᠠᠢᠢᠭ᠎ᠠ ᠪᠤᠯᠪᠠᠴᠤ᠂ ᠲᠡᠬᠦᠨ ᠤ ᠬᠠᠷᠠᠭᠤᠯᠤᠭᠰᠠᠨ ᠰᠠᠨᠠᠭ᠎ᠠ ᠨᠢ 《ᠰᠡᠳᠬᠢᠯ ᠵᠢᠷᠤᠬᠡᠨ ᠳ᠋ᠡᠭᠡᠨ ᠰᠠᠢᠢᠳᠤᠷ ᠴᠡᠭᠡᠵᠢᠯᠡᠨ᠎ᠡ》 ᠭᠡᠳᠡᠭ ᠲᠤ ᠬᠠᠷᠢᠨ ᠰᠠᠨᠠᠯ ᠨᠢᠭᠡᠳᠤᠯᠳᠠᠢ ᠪᠠᠢᠢᠨ᠎ᠠ᠃ ᠵᠤᠬᠢᠶᠠᠭᠴᠢ᠂ ᠲᠤᠰ ᠦᠬᠦᠯᠠᠯ ᠳ᠋ᠡᠬᠡᠨ ᠤᠷᠢᠳᠡᠬᠢ ᠬᠦᠮᠦᠰ ᠤᠨ ᠲᠤᠰ ᠪᠢᠳᠡᠬᠦᠦ ᠦᠡᠬᠨ ᠤ ᠳᠤᠬᠠᠢ ᠰᠤᠳᠤᠯᠭᠠᠨ ᠢ ᠯᠠᠪᠯᠡᠯᠳᠡ ᠪᠤᠯᠭᠠᠨ ᠠᠰᠢᠭᠯᠠᠭᠰᠠᠨ ᠤ ᠰᠠᠭᠤᠷᠢᠨ ᠳᠡᠭᠡᠷ᠎ᠡ᠂ ᠲᠤᠰ ᠪᠢᠳᠡᠬᠦᠦ ᠦᠬᠡᠨ ᠤ ᠬᠠᠷᠠᠭᠤᠯᠤᠭᠰᠠᠨ ᠳᠡᠯᠳᠠ ᠶᠤᠭᠳᠠᠷᠠᠬᠤ ᠰᠠᠨᠠᠭ᠎ᠠ ᠨᠢ 《ᠤᠷᠤ ᠤᠷᠤᠨ ᠳ᠋ᠠᠭᠠᠨ ᠪᠠᠢᠢᠯᠴᠠᠶ᠎ᠠ᠂ ᠠᠬ᠎ᠠ ᠵᠠᠬ᠎ᠠ ᠲᠠᠢ ᠡᠶ᠎ᠡ ᠡᠪᠳᠠᠢ ᠬᠠᠷᠢᠯᠴᠠᠶ᠎ᠠ》 ᠬᠡᠬᠦ ᠤᠳᠬ᠎ᠠ ᠲᠠᠢ ᠭᠡᠬᠦ ᠦᠵᠡᠯᠳᠡ ᠵᠢ ᠳᠡᠪᠰᠢᠬᠦᠯᠵᠠᠢ᠃ ᠡᠬᠦᠨ᠎ᠠ ᠡᠴᠡ ᠭᠠᠳᠠᠨ᠎ᠠ᠂ ᠯᠤᠪᠰᠠᠩᠳᠠᠨᠵᠢᠨ ᠤ 《ᠠᠯᠳᠠᠨ ᠳᠤᠪᠴᠢ》 ‍ᠶᠢᠨ ᠲᠠᠢᠢᠯᠪᠤᠷᠢ ᠵᠢ ᠮᠦᠷᠳᠡᠵᠤ᠂《 ᠪᠦᠭᠡᠷ᠎ᠡ ~ ᠪᠦᠭᠡᠷᠡᠢ》 ᠵᠢ ᠨᠢ《ᠲᠠᠤᠯᠠᠢ》᠂《ᠴᠡᠭᠡᠷ᠎ᠡ ~ ᠴᠡᠭᠡᠷᠠᠢ》 ‍ ᠵᠢ ᠨᠢ《ᠵᠡᠭᠡᠷ᠎ᠡ》ᠬᠡᠵᠤ ᠦᠵᠡᠬᠦ ᠨᠢ᠂ ᠳᠤᠬᠠᠢ ᠶᠢᠨ ᠪᠤᠳᠠᠳᠤ ᠪᠠᠢᠢᠳᠠᠯ ᠲᠠᠢ ᠨᠢ ᠨᠡᠩ ᠬᠠᠪᠢᠳᠠᠨ᠎ᠠ ᠬᠡᠬᠦ ᠰᠠᠨᠠᠯ ᠶᠢᠨᠨ ᠳᠤᠷᠠᠳᠪᠠ᠃
Original Literature View Original Paper
出自 内蒙古大学学报 2007年 第6期

联系我们


内蒙古大学图书馆
呼和浩特市大学西路235号
中国·内蒙古
P: (0471) 4992561
E: huangfeilong@imu.edu.cn