Title |
《ᠮᠤᠩᠭ᠋ᠤᠯ ᠤᠨ ᠨᠢᠭᠤᠴᠠ ᠳᠤᠪᠴᠢᠶᠠᠨ》 ᠤ ᠪᠢᠳᠡᠬᠦᠦ ᠦᠡᠬ ᠶᠢᠨ ᠰᠤᠳᠤᠯᠭ᠎ᠠ(ᠭᠤᠷᠪᠠ) |
Creator |
ᠨᠠ᠂ ᠰᠠᠢᠢᠵᠢᠷᠠᠬᠤ |
Keyword |
《ᠮᠤᠩᠭ᠋ᠤᠯ ᠤᠨ ᠨᠢᠭᠤᠴᠠ ᠳᠤᠪᠴᠢᠶᠠᠨ》;《ᠪᠦᠬᠡᠷ᠎ᠡ ᠶᠢᠨ ᠪᠦᠭ᠍ᠰᠠ ᠳ᠋ᠤᠷ᠂ᠴᠡᠭᠡᠷ᠎ᠡ ᠶᠢᠨ ᠴᠡᠭᠡᠵᠢ ᠳ᠋ᠤᠷ ᠠᠳᠤᠭᠠᠢ》;ᠪᠢᠳᠡᠭᠦᠤ ᠦᠬᠡ;ᠳᠠᠯᠳᠠ ᠶᠤᠭᠳᠠᠷᠠᠬᠤ ᠰᠠᠨᠠᠭ᠎ᠠ |
Abstract |
《ᠪᠦᠬᠡᠷ᠎ᠡ ᠶᠢᠨ ᠪᠦᠭ᠍ᠰᠠ ᠳ᠋ᠤᠷ᠂ᠴᠡᠭᠡᠷ᠎ᠡ ᠶᠢᠨ ᠴᠡᠭᠡᠵᠢ ᠳ᠋ᠤᠷ ᠠᠳᠤᠭᠠᠢ》— 《ᠮᠤᠩᠭ᠋ᠤᠯ ᠤᠨ ᠨᠢᠭᠤᠴᠠ ᠳᠤᠪᠴᠢᠶᠠᠨ》 ᠳᠡᠬᠢ ᠤᠢᠯᠠᠭᠠᠬᠤ ᠳᠤ ᠬᠠᠮᠤᠭ ᠤᠨ ᠬᠦᠴᠢᠷᠳᠡᠢ ᠪᠢᠳᠡᠬᠦᠦ ᠦᠬᠡᠨ ᠤ ᠨᠢᠭᠡ ᠨᠢ᠃《ᠨᠢᠭᠤᠴᠠ ᠳᠤᠪᠴᠢᠶᠠᠨ》ᠰᠤᠳᠤᠯᠤᠭᠴᠢᠳ᠂ ᠲᠤᠰ ᠪᠢᠳᠡᠬᠦᠦ ᠦᠬᠡᠨ ᠤ ᠳᠤᠳᠤᠷᠠᠬᠢ《 ᠪᠦᠭᠡᠷ᠎ᠡ ~ ᠪᠦᠭᠡᠷᠡᠢ》᠂《ᠴᠡᠭᠡᠷ᠎ᠡ ~ ᠴᠡᠭᠡᠷᠠᠢ》 ᠬᠤᠶᠠᠷ ᠬᠤᠤᠰ ᠵᠠᠩᠬᠢᠯᠠᠭ᠎ᠠ ᠶᠢᠨ ᠦᠬᠡ ᠵᠢ ᠤ;ᠠᠨ ᠶᠠᠩᠵᠤ ᠪᠡᠷ ᠲᠠᠢᠯᠪᠤᠷᠢᠯᠠᠵᠤ ᠪᠠᠢᠭ᠎ᠠ ᠪᠤᠯᠪᠠᠴᠤ᠂ ᠲᠡᠬᠦᠨ ᠤ ᠬᠠᠷᠠᠭᠤᠯᠤᠭᠰᠠᠨ ᠰᠠᠨᠠᠭ᠎ᠠ ᠨᠢ 《ᠰᠡᠳᠬᠢᠯ ᠵᠢᠷᠤᠬᠡᠨ ᠳ᠋ᠡᠭᠡᠨ ᠰᠠᠢᠢᠳᠤᠷ ᠴᠡᠭᠡᠵᠢᠯᠡᠨ᠎ᠡ》 ᠭᠡᠳᠡᠭ ᠲᠤ ᠬᠠᠷᠢᠨ ᠰᠠᠨᠠᠯ ᠨᠢᠭᠡᠳᠤᠯᠳᠠᠢ ᠪᠠᠢᠢᠨ᠎ᠠ᠃ ᠵᠤᠬᠢᠶᠠᠭᠴᠢ᠂ ᠲᠤᠰ ᠦᠬᠦᠯᠠᠯ ᠳ᠋ᠡᠬᠡᠨ ᠤᠷᠢᠳᠡᠬᠢ ᠬᠦᠮᠦᠰ ᠤᠨ ᠲᠤᠰ ᠪᠢᠳᠡᠬᠦᠦ ᠦᠡᠬᠨ ᠤ ᠳᠤᠬᠠᠢ ᠰᠤᠳᠤᠯᠭᠠᠨ ᠢ ᠯᠠᠪᠯᠡᠯᠳᠡ ᠪᠤᠯᠭᠠᠨ ᠠᠰᠢᠭᠯᠠᠭᠰᠠᠨ ᠤ ᠰᠠᠭᠤᠷᠢᠨ ᠳᠡᠭᠡᠷ᠎ᠡ᠂ ᠲᠤᠰ ᠪᠢᠳᠡᠬᠦᠦ ᠦᠬᠡᠨ ᠤ ᠬᠠᠷᠠᠭᠤᠯᠤᠭᠰᠠᠨ ᠳᠡᠯᠳᠠ ᠶᠤᠭᠳᠠᠷᠠᠬᠤ ᠰᠠᠨᠠᠭ᠎ᠠ ᠨᠢ 《ᠤᠷᠤ ᠤᠷᠤᠨ ᠳ᠋ᠠᠭᠠᠨ ᠪᠠᠢᠢᠯᠴᠠᠶᠠ᠂ ᠠᠬ᠎ᠠ ᠵᠠᠬ᠎ᠠ ᠲᠠᠢ ᠡᠶ᠎ᠡ ᠡᠪᠳᠠᠢ ᠬᠠᠷᠢᠯᠴᠠᠶ᠎ᠠ》 ᠬᠡᠬᠦ ᠤᠳᠬ᠎ᠠ ᠲᠠᠢ ᠭᠡᠬᠦ ᠦᠵᠡᠯᠳᠡ ᠵᠢ ᠳᠡᠪᠰᠢᠬᠦᠯᠵᠠᠢ᠃ ᠡᠬᠦᠨᠠ ᠡᠴᠡ ᠭᠠᠳᠠᠨ᠎ᠠ᠂ ᠯᠤᠪᠰᠠᠩᠳᠠᠨᠵᠢᠨ ᠤ 《ᠠᠯᠳᠠᠨ ᠳᠤᠪᠴᠢ》 ᠶᠢᠨ ᠲᠠᠢᠢᠯᠪᠤᠷᠢ ᠵᠢ ᠮᠦᠷᠳᠡᠵᠤ᠂《 ᠪᠦᠭᠡᠷ᠎ᠡ ~ ᠪᠦᠭᠡᠷᠡᠢ》 ᠵᠢ ᠨᠢ《ᠲᠠᠤᠯᠠᠢ》᠂《ᠴᠡᠭᠡᠷ᠎ᠡ ~ ᠴᠡᠭᠡᠷᠠᠢ》 ᠵᠢ ᠨᠢ《ᠵᠡᠭᠡᠷ᠎ᠡ》ᠬᠡᠵᠤ ᠦᠵᠡᠬᠦ ᠨᠢ᠂ ᠳᠤᠬᠠᠢ ᠶᠢᠨ ᠪᠤᠳᠠᠳᠤ ᠪᠠᠢᠢᠳᠠᠯ ᠲᠠᠢ ᠨᠢ ᠨᠡᠩ ᠬᠠᠪᠢᠳᠠᠨᠠ ᠬᠡᠬᠦ ᠰᠠᠨᠠᠯ ᠶᠢᠨᠨ ᠳᠤᠷᠠᠳᠪᠠ᠃ |
Original Literature |
View Original Paper
|
出自 |
内蒙古大学学报
2007年
第6期
|