Title |
ᠮᠡᠷᠭᠡᠨ ᠭᠡᠭᠡᠨ ᠦ 《ᠠᠯᠲᠠᠨ ᠲᠤᠪᠴᠢ》ᠡᠴᠡ ᠮᠣᠩᠭᠣᠯ ᠲᠦᠪᠡᠳ ᠰᠤᠶᠤᠯ ᠤᠨ ᠬᠤᠯᠪᠤᠯᠲᠠ ᠶᠢ ᠮᠦᠷᠳᠡᠬᠦ ᠨᠢ |
Creator |
ᠮ᠂ ᠰ᠂ ᠦᠯᠵᠡᠢ |
Keyword |
ᠮᠡᠷᠭᠡᠨ ᠭᠡᠭᠡᠨ ; 《ᠠᠯᠲᠠᠨ ᠲᠤᠪᠴᠢ》; ᠤᠳᠤᠮ ᠤᠭᠰᠠᠭᠠᠨ ᠦ ᠬᠤᠯᠪᠤᠯᠲᠠ;ᠲᠡᠦᠬᠡ ᠰᠤᠶᠤᠯ ᠤᠨ ᠬᠤᠯᠪᠤᠯᠲᠠ; ᠱᠠᠰᠢᠨ ᠨᠣᠮ ᠤᠨ ᠬᠤᠯᠪᠤᠯᠲᠠ |
Abstract |
ᠮᠣᠩᠭᠣᠯ ᠤᠨ ᠤᠯᠠᠮᠵᠢᠯᠠᠯᠳᠤ ᠲᠡᠦᠬᠡ ᠰᠤᠶᠤᠯ ᠶᠢᠨᠷ ᠨᠢᠷᠤᠭᠤᠯᠤᠨ ᠪᠢᠴᠢᠭᠯᠡᠭᠰᠡᠨ ᠤᠤᠯ ᠲᠤᠭᠤᠷᠪᠢᠯ ᠳᠤ ᠲᠡᠦᠬᠡᠨ ᠳᠡᠭᠡᠷ ᠡ ᠮᠣᠩᠭᠣᠯ ᠲᠠᠢ ᠬᠦᠷᠰᠢ ᠵᠡᠷᠬᠡᠯᠡᠳᠡᠭᠡ ᠪᠠᠢ᠌ᠭᠰᠠᠨ ᠤᠯᠤᠰ ᠦᠨᠳᠦᠰᠦᠳᠡᠨ ᠦ ᠰᠤᠶᠤᠯ ᠪᠤᠯᠪᠠᠰᠤᠨ ᠨᠡᠪᠴᠢᠨ ᠰᠢᠩᠭᠡᠵᠦ ᠨᠢᠭ᠌ᠲᠠ ᠤᠶᠠᠯᠳᠤᠭᠰᠠᠨ ᠡᠴᠡ ᠰᠢᠮ ᠡ ᠲᠡᠵᠢᠭᠡᠯ ᠬᠦᠷᠳᠡᠵᠦ ᠪᠠᠢ᠌ᠭᠰᠠᠨ ᠶᠢᠨᠷ ᠦᠯᠦ ᠪᠠᠷᠠᠮ᠂ ᠲᠡᠷᠡᠬᠦ ᠬᠦᠷᠳᠡᠮᠵᠢ ᠶᠢᠨ ᠤᠨᠴᠠᠯᠢᠭ ᠰᠢᠨᠵᠢ ᠵᠤᠬᠢᠶᠠᠯ ᠪᠦᠳᠦᠭᠡᠯ ᠳᠤᠨᠢ ᠵᠤᠬᠢᠬᠤ ᠳᠤᠰᠬᠠᠯ ᠶᠢᠨᠨ ᠤᠯᠤᠭᠰᠠᠨ ᠲᠤᠬᠢᠶᠠᠯᠳᠤᠯ ᠲᠠᠢ᠃ ᠢᠯᠡᠩᠭ᠋ᠤᠶ ᠠ ᠵᠤᠬᠢᠶᠠᠭᠴᠢ ᠲᠦᠪᠡᠳ ᠤᠨ ᠬᠤᠭᠤᠷᠤᠨᠳᠤ ᠦᠶ ᠡ ᠤᠭᠰᠠᠭᠠᠨ ᠦ ᠬᠡᠯᠬᠢᠶ ᠡ ᠬᠤᠯᠪᠤᠯᠲᠠ᠂ ᠮᠣᠩᠭᠣᠯ ᠲᠦᠪᠡᠳ ᠰᠤᠶᠤᠯ ᠤᠨ ᠬᠡᠯᠬᠢᠶ ᠡ ᠬᠤᠯᠪᠤᠯᠲᠠ ᠬᠢᠭᠡᠳ ᠮᠣᠩᠭᠣᠯ ᠲᠦᠪᠡᠳ ᠪᠤᠷᠬᠠᠨ ᠱᠠᠰᠢᠨ ᠦ ᠰᠤᠶᠤᠯ ᠤᠨ ᠬᠡᠯᠬᠢᠶ ᠠ ᠬᠤᠯᠪᠤᠯᠲᠠ ᠵᠦᠢ ᠶᠤᠰᠤᠭᠠᠷ ᠭᠠᠷᠳᠠᠭ ᠪᠦᠭᠡᠳ ᠤᠷᠭᠠᠨᠢᠭ ᠶᠢᠨᠷ ᠤᠶᠠᠯᠳᠤᠳᠠᠭ ᠪᠠᠢ᠌ᠭᠰᠠᠨ ᠢ ᠲᠤᠰ ᠥᠭᠥᠯᠡᠯ ᠳᠤ ᠲᠤᠰᠬᠠᠢ᠌ᠯᠠᠨ ᠠᠪᠴᠤ ᠠᠵᠢᠭᠯᠠᠭᠰᠠᠨ ᠪᠤᠯᠤᠨ᠎ᠠ᠃ |
Original Literature |
View Original Paper
|
出自 |
内蒙古社会科学(蒙文版)
2009年
第4期
|