Abstract |
ᠦᠭᠦᠯᠡᠯ ᠳᠤ ᠪᠠᠶᠠᠨᠪᠢᠯᠢᠭᠳᠦ ᠠᠪᠤᠭᠠᠢ ᠪᠠ ᠳᠡᠭᠦᠨ ᠦ ᠠᠯᠢ ᠤᠯᠠᠨ ᠵᠤᠬᠢᠶᠠᠯ ᠪᠦᠳᠦᠭᠡᠯ ᠢ ᠲᠤᠢ᠌ᠮᠦᠴᠢᠯᠠᠨ ᠳᠠᠨᠢᠯᠴᠠᠭᠤᠯᠬᠤ ᠶᠢᠨ ᠬᠠᠮᠳᠦ ᠬᠢᠳᠡᠳ ᠬᠡᠯᠡ ᠪᠠᠷ ᠵᠤᠬᠢᠶᠠᠭᠰᠠᠨ 《ᠮᠣᠩᠭᠣᠯ ᠤᠨᠨ ᠲᠤᠬᠠᠢ ᠳᠡᠮᠳᠡᠭᠯᠡᠯ》ᠢ᠋ ᠭᠤᠤᠯᠴᠢᠯᠠᠨ ᠳᠠᠨᠢᠯᠴᠠᠭᠤᠯᠪᠠ᠃ ᠭᠡᠬᠦ ᠳᠡᠭᠡᠨ ᠨᠠᠭᠤᠢ᠌ᠰᠠᠢ᠌ᠨᠬᠦᠦ ᠶᠢᠨ 《ᠥᠪᠥᠷ ᠮᠣᠩᠭᠣᠯ ᠤᠨ ᠨᠡᠢ᠌ᠭᠡᠮ ᠤᠨ ᠰᠢᠨᠵᠢᠯᠡᠬᠦ ᠤᠬᠠᠭᠠᠨ 》1996ᠤᠨ ᠦ 5 ᠳ᠋ᠤᠭᠠᠷ ᠬᠤᠭᠤᠴᠠᠭ᠎ᠠ ᠳᠤ ᠨᠡᠢ᠌ᠳᠡᠯᠡᠭᠰᠡᠨ 《ᠬᠠᠷᠠᠴᠢᠨ ᠦ ᠪᠠᠶᠠᠨᠪᠢᠯᠢᠭᠳᠦ ᠠᠪᠤᠭᠠᠢ ᠪᠠ ᠳᠡᠭᠦᠨ ᠦ ᠵᠤᠬᠢᠶᠠᠭᠰᠠᠨ 〈ᠮᠣᠩᠭᠣᠯ ᠤᠨᠨ ᠲᠤᠬᠠᠢ ᠳᠡᠮᠳᠡᠭᠯᠡᠯ〉》ᠬᠡᠬᠦ ᠳᠡᠭᠡᠨ ᠵᠤᠬᠢᠶᠠᠯ ᠳᠤ ᠰᠠᠭᠤᠷᠢᠯᠠᠨ᠂ ᠬᠤᠯᠪᠤᠭᠳᠠᠯ ᠪᠦᠬᠦᠢ ᠳᠡᠦᠬᠡᠨ ᠮᠠᠲ᠋ᠸᠷᠢᠶᠠᠯ ᠢ ᠠᠰᠢᠭᠯᠠᠵᠤ ᠂ ᠨᠡᠩ ᠴᠢᠨᠠᠭᠰᠢᠲᠠ ᠭᠦᠨᠵᠡᠬᠡᠢ᠌ᠷᠡᠭᠦᠯᠦᠨ ᠰᠢᠨᠵᠢᠯᠡᠵᠦ᠂ 《ᠮᠣᠩᠭᠣᠯ ᠤᠨᠨ ᠲᠤᠬᠠᠢ ᠳᠡᠮᠳᠡᠭᠯᠡᠯ》ᠨᠢ ᠤᠢ᠌ᠷ ᠠ ᠦᠶ ᠡ ᠶᠢᠨ ᠬᠠᠷᠠᠴᠢᠨ ᠠᠢ᠌ᠮᠠᠭ ᠤᠨ ᠳᠡᠦᠬᠡ ᠰᠤᠶᠤᠯ ᠰᠤᠳᠤᠯᠬᠤ ᠳᠤ ᠴᠢᠬᠤᠯᠠ ᠳᠡᠦᠬᠡᠨ ᠮᠡᠲ᠋ᠸᠷᠢᠶᠠᠯ ᠢ ᠬᠠᠩᠭᠠᠵᠤ ᠪᠠᠢ᠌ᠬᠤ ᠪᠦᠭᠡᠳ ᠵᠠᠷᠢᠮ ᠮᠡᠳᠡᠭᠡ ᠪᠠᠷᠢᠮᠲᠠ ᠨᠢ ᠨᠢᠭᠡᠳᠦᠭᠡᠷ ᠪᠠᠶᠠᠳᠤ ᠳᠡᠦᠬᠡᠨ ᠮᠠᠲ᠋ᠸᠷᠢᠶᠠᠯ ᠪᠤᠯᠬᠤ ᠲᠤᠬᠠᠢ ᠦᠭᠦᠯᠡᠪᠡ᠃ |