Abstract |
125ᠳ᠋ᠤᠭᠠᠷ ᠵᠠᠭᠤᠨ ᠤ ᠦᠶ ᠡ ᠳ᠋ᠤ᠂ ᠡᠷᠲᠡᠨ ᠤ ᠣᠷᠤᠰ ᠤᠯᠤᠰ ᠨᠢᠭᠡᠨᠲᠡ ᠪᠦᠷᠢᠮᠦᠰᠦᠨ ᠬᠠᠭᠠᠴᠠᠨ ᠵᠠᠳᠠᠷᠠᠵᠤᠮ ᠤᠷᠤᠰ ᠤᠯᠤᠰ ᠤᠨ ᠨᠤᠲᠤᠭ ᠲᠡᠪᠢᠰᠭᠡᠷ ᠲᠡᠭᠡᠷ ᠡ ᠤᠷᠢᠳ ᠬᠤᠵᠢᠳ ᠠᠷᠪᠠᠨ ᠬᠡᠳᠦᠨ ᠹᠸᠤᠳᠠᠯ ᠤᠨ ᠬᠦᠩᠲᠦ ᠤᠯᠤᠰ ᠪᠤᠢ ᠪᠤᠯᠤᠭᠰᠠᠨ ᠪᠦᠭᠡᠳ ᠡᠳᠡᠭᠡᠷ ᠬᠦᠩᠲᠦ ᠤᠯᠤᠰ ᠤᠳ ᠨᠢ ᠬᠤᠭᠤᠷᠤᠨᠲᠤ ᠳ᠋ᠠᠭᠠᠨ ᠤᠷᠲᠤ ᠬᠤᠭᠤᠴᠠᠭ᠎ᠠ ᠪᠡᠷ ᠲᠠᠢᠨᠪᠠᠢᠯᠳᠤᠭᠠᠨ ᠬᠢᠭᠰᠡᠨ ᠡᠴᠡ ᠪᠣᠯᠵᠤ᠂ ᠤᠷᠤᠰ ᠤᠯᠤᠰ ᠨᠢᠭᠡᠨᠲᠡ ᠹᠸᠤᠳᠠᠯ ᠤᠨ ᠬᠡᠰᠡᠭᠯᠡᠨ ᠲᠤᠰᠠᠭᠠᠷᠯᠠᠭᠰᠠᠨ ᠪᠠᠢᠳᠠᠯ ᠳ᠋ᠤ ᠣᠷᠤᠭᠰᠠᠨ ᠪᠠᠢᠨ᠎ᠠ᠃ 13ᠳ᠋ᠤᠭᠠᠷ ᠵᠠᠭᠤᠨ ᠤ ᠡᠬᠢᠨ ᠦ ᠦᠶ ᠡ ᠪᠣᠯᠬᠤ ᠳ᠋ᠤ᠂ ᠦᠩᠭᠡᠷᠡᠭᠰᠡᠨ ᠤ ᠨᠢᠭᠡᠲᠦᠮᠡᠯ ᠤᠷᠤᠰ ᠨᠢ ᠨᠢᠭᠡᠨᠲᠡ 《ᠰᠠᠷᠨᠢᠨ ᠪᠣᠳᠠᠷᠠᠭᠰᠠᠨ ᠤᠯᠠ ᠮᠦᠷ ᠦᠭᠡᠢ ᠪᠣᠯᠤᠭᠰᠠᠨ ᠪᠠᠢᠯ᠎ᠠ》᠃ ᠡᠢᠮᠦ ᠡᠴᠡ ᠂ ᠬᠠᠭᠠᠴᠠᠨ ᠪᠣᠳᠠᠷᠠᠭᠰᠠᠨ ᠤᠷᠤᠰ ᠤᠯᠤᠰ ᠬᠠᠷᠢ ᠶᠢᠨ ᠦᠨᠳᠦᠰᠦᠲᠡᠨ ᠤ ᠲᠦᠷᠢᠮᠡᠭᠡᠢᠢᠯᠡᠯ ᠢ ᠬᠤᠷᠢᠭᠯᠠᠬᠤ ᠬᠦᠴᠦᠨ ᠦᠭᠡᠢ ᠪᠣᠯᠤᠭᠰᠠᠨ ᠲᠤᠯᠠ᠂ ᠮᠣᠩᠭᠤᠯ ᠤᠨ ᠴᠡᠷᠢᠭ ᠲᠤ ᠲᠦᠷᠢᠮᠡᠬᠡᠢᠢᠯᠡᠭᠳᠡᠭᠰᠡᠨ ᠪᠠᠢᠵᠠᠢ᠃ ᠮᠣᠩᠭᠤᠯ ᠤᠨ ᠴᠡᠷᠢᠭ ᠤᠷᠢᠳ ᠬᠤᠵᠢᠳ ᠬᠤᠶᠠᠷ ᠤᠳᠠᠭ᠎ᠠ ᠤᠷᠤᠰ ᠲᠦ ᠲᠦᠷᠢᠮᠡᠭᠡᠢᠢᠯᠡᠨ ᠤᠷᠤᠭᠰᠠᠨ ᠪᠦᠭᠡᠳ ᠡᠴᠦᠰ ᠲᠡᠭᠡᠨ ᠤᠷᠤᠰ ᠢ ᠲᠠᠢᠯᠠᠨ ᠲᠠᠭᠠᠭᠤᠯᠤᠭᠠᠳ240 ᠵᠢᠯ ᠨᠤᠶᠠᠷᠬᠠᠭᠰᠠᠨ ᠪᠠᠢᠯ᠎ᠠ᠃ ᠮᠣᠩᠭᠤᠯ ᠤᠨ ᠲᠠᠢᠯᠠᠨ ᠲᠠᠭᠠᠭᠤᠯᠤᠯ ᠪᠠ ᠨᠣᠶᠠᠷᠬᠠᠯ ᠨᠢ ᠤᠷᠤᠰ ᠤᠯᠤᠰ ᠤᠨ ᠲᠡᠦᠭᠡᠨ ᠳ᠋ᠤ ᠮᠠᠰᠢ ᠶᠡᠬᠡ ᠨᠦᠯᠦᠭᠡ ᠦᠵᠡᠭᠦᠯᠪᠡ᠃ ᠮᠣᠩᠭᠤᠯ ᠤᠨ ᠢᠵᠠᠭᠤᠷᠲᠠᠨ ᠡᠴᠡ ᠤᠷᠤᠰ ᠢ ᠲᠠᠢᠯᠠᠨ ᠲᠠᠭᠠᠭᠤᠯᠵᠤ ᠨᠤᠶᠠᠷᠬᠠᠭᠰᠠᠨ ᠨᠢ ᠂ ᠤᠷᠤᠰ ᠤᠯᠤᠰ ᠢ ᠬᠠᠷᠢ ᠶᠢᠨ ᠦᠨᠳᠦᠰᠦᠲᠡᠨ ᠤ ᠲᠦᠢᠯ ᠤᠨ ᠶᠡᠬᠡ ᠲᠤᠷᠤᠮᠵᠢᠯᠠᠯ ᠳ᠋ᠤ ᠤᠴᠠᠷᠠᠭᠤᠯᠤᠨ᠂ ᠤᠷᠤᠰ ᠤᠨ ᠠᠷᠠᠳ ᠲᠦᠮᠡᠨ ᠤ ᠤᠷᠤᠰᠢᠨ ᠲᠤᠭᠲᠠᠨᠢᠯ ᠳ᠋ᠤ ᠲᠦᠢᠯ ᠤᠨ ᠶᠡᠬᠡ ᠭᠠᠰᠢᠭᠤᠨ ᠵᠤᠪᠠᠯᠠᠩ ᠢ ᠦᠵᠡᠭᠦᠯᠵᠦ᠂ ᠤᠷᠤᠰ ᠤᠨ ᠨᠡᠢᠭᠡᠮ ᠤᠨ ᠦᠢᠯᠡᠳᠪᠦᠷᠢᠯᠡᠯ ᠤᠨ ᠬᠦᠴᠦᠨ ᠪᠣᠯᠤᠨ ᠠᠵᠤ ᠠᠬᠤᠢ ᠵᠢ ᠬᠦᠨᠲᠦ ᠨᠤᠴᠢᠲᠠᠢ ᠪᠡᠷ ᠡᠪᠲᠡᠨ ᠰᠦᠢᠳᠭᠡᠵᠦ ᠤᠷᠤᠰ ᠤᠨ ᠨᠡᠢᠭᠡᠮ ᠤᠨ ᠭᠦᠭᠵᠢᠯᠲᠡ ᠳ᠋ᠤ ᠶᠡᠬᠡ ᠬᠠᠷᠰᠢ ᠰᠠᠭᠠᠳ ᠪᠣᠯᠤᠭᠰᠠᠨ ᠪᠠᠢᠯ᠎ᠠ᠃ ᠮᠣᠩᠭᠤᠯ ᠤᠨ ᠨᠤᠶᠠᠷᠬᠠᠯ ᠨᠢ ᠴᠦ ᠵᠣᠬᠢᠬᠤ ᠨᠢᠭᠡᠨ ᠬᠤᠭᠤᠴᠠᠭᠠᠨ ᠳ᠋ᠤ᠂ ᠤᠷᠤᠰ ᠤᠨ ᠲᠦᠪ ᠲᠦ ᠡᠷᠬᠡ ᠲᠦᠪᠯᠡᠷᠡᠬᠦᠯᠬᠦ ᠨᠢᠭᠡᠲᠦᠮᠡᠯ ᠤᠯᠤᠰ ᠪᠦᠷᠢᠯᠳᠦᠨ ᠪᠣᠯᠬᠤ ᠳ᠋ᠤᠨᠢ ᠵᠣᠬᠢᠬᠤ ᠬᠡᠮᠵᠢᠶᠠᠨᠠ ᠪᠣᠰᠤᠳᠴᠢ ᠲᠠᠯ ᠠ ᠪᠡᠷ ᠠᠬᠢᠭᠤᠯᠬᠤ ᠦᠢᠯᠡᠳᠦᠯ ᠦᠵᠡᠭᠦᠯᠦᠭᠰᠡᠨ ᠪᠠᠢᠨ᠎ᠠ᠃ |