Paper Information


Title 《ᠦᠭᠡ》 ᠵᠤᠬᠢᠶᠠᠯ ᠮᠣᠩᠭᠤᠯ ᠤᠨ ᠪᠢᠴᠢᠭ ᠦᠨ ᠤᠷᠠᠨ ᠵᠤᠬᠢᠶᠠᠯ ᠤᠨ ᠦᠪᠡᠷᠮᠢᠴᠡ ᠲᠦᠷᠦᠯ ᠵᠤᠢᠯ ᠪᠤᠯᠬᠤ ᠨᠢ
Creator 〔ᠮᠣᠩᠭᠤᠯ〕ᠬᠤ‍ · ᠰᠦᠭᠯᠡᠭᠮ᠎ᠡ
Keyword ᠮᠣᠩᠭᠤᠯ ᠤᠨ ᠪᠢᠴᠢᠭ ᠦᠨ ᠤᠷᠠᠨ ᠵᠤᠬᠢᠶᠠᠯ; 《ᠦᠭᠡ》 ᠵᠤᠬᠢᠶᠠᠯ; ᠦᠪᠡᠷᠮᠢᠴᠡ ᠲᠦᠷᠦᠯ ᠵᠤᠢᠯ
Abstract ᠮᠣᠩᠭᠤᠯ ᠤᠨ ᠤᠷᠠᠨ ᠵᠤᠬᠢᠶᠠᠯ ᠳᠠᠬᠢ 《ᠦᠭᠡ》 ᠵᠤᠬᠢᠶᠠᠯ ᠤᠨ ᠲᠦᠷᠦᠯ ᠵᠤᠢᠯ ᠨᠢ ᠡᠷᠲᠡᠨ ᠦ ᠳᠤᠷᠤᠨᠠᠳᠠᠬᠢᠨ ᠤ ᠲᠡᠷᠡ ᠳᠤᠮᠳᠠ ᠪᠠᠨ ᠡᠨᠡᠳᠬᠡᠭ ᠲᠦᠪᠡᠳ ᠦᠨ ᠤᠳᠬ᠎ᠠ ᠵᠤᠬᠢᠶᠠᠯ ᠤᠨ ᠳᠠᠮ ᠨᠦᠯᠦᠭᠡ ᠪᠡᠷ ᠮᠣᠩᠭᠤᠯ ᠤᠨ ᠤᠳᠬ᠎ᠠ ᠵᠤᠬᠢᠶᠠᠯ ᠤᠨ ᠬᠦᠷᠦᠰᠦ ᠰᠠᠭᠤᠷᠢᠨ ᠳᠤ ᠪᠤᠯᠪᠠᠰᠤᠷᠠᠬᠤ ᠳᠠᠭᠠᠨ ᠳᠡᠯᠡᠬᠡᠢ ᠶᠢᠨ ᠪᠤᠰᠤᠳ ᠣᠷᠤᠨ ᠤ ᠤᠳᠬ᠎ᠠ ᠵᠤᠬᠢᠶᠠᠯ ᠤᠨ ᠵᠢᠱᠢᠬᠦ ᠪᠡᠷ ᠠᠮᠠᠨ ᠪᠢᠴᠢᠭ ᠦᠨ ᠬᠠᠷᠢᠯᠴᠠᠭ᠎ᠠ ᠬᠤᠯᠪᠤᠭᠠᠨ ᠳᠡᠭᠡᠷ᠎ᠡ ᠲᠤᠯᠭᠠᠭᠤᠷᠢᠯᠠᠨ ᠬᠦᠭᠵᠢᠯ ᠦᠨ ᠡᠬᠢ ᠰᠠᠭᠤᠷᠢ ᠪᠠᠨ ᠲᠠᠯᠪᠢᠵᠠᠢ᠃ ᠮᠣᠩᠭᠤᠯ ᠠᠷᠠᠳ ᠤᠨ ᠠᠮᠠᠨ ᠵᠤᠬᠢᠶᠠᠯ ᠪᠤᠯᠤᠨ ᠮᠣᠩᠭᠤᠯ ᠤᠨ ᠪᠢᠴᠢᠭ ᠦᠨ ᠤᠷᠠᠨ ᠵᠤᠬᠢᠶᠠᠯ ᠳᠤ ᠪᠠᠢᠭ᠎ᠠ 《ᠦᠭᠡ》 ᠵᠤᠬᠢᠶᠠᠯ ᠤᠨ ᠵᠠᠷᠢᠮ ᠳᠤᠷᠠᠰᠬᠠᠯ ᠤᠳ ᠢ ᠬᠠᠷᠢᠴᠠᠭᠤᠯᠤᠨ ᠠᠪᠴᠤ ᠦᠵᠡᠬᠦ ᠨᠢ ᠮᠣᠩᠭᠤᠯ ᠤᠷᠠᠨ ᠵᠤᠬᠢᠶᠠᠯ ᠳᠠᠬᠢ 《ᠦᠭᠡ》 ᠵᠤᠬᠢᠶᠠᠯ ᠤᠨ ᠲᠦᠷᠦᠯ ᠵᠤᠢᠯ ᠤᠨ ᠡᠭᠦᠰᠦᠯ ᠬᠦᠭᠵᠢᠯ ᠦᠨ ᠠᠰᠠᠭᠤᠳᠠᠯ ᠳᠤ ᠦᠴᠦᠬᠡᠨ ᠪᠤᠯᠪᠠᠴᠤ ᠬᠤᠪᠢ ᠨᠡᠮᠡᠷᠢ ᠣᠷᠤᠭᠤᠯᠬᠤ ᠵᠤᠷᠢᠯᠭ᠎ᠠ ᠲᠠᠢ ᠪᠢᠯᠡ᠃
Original Literature No Original Paper
出自 内蒙古民族大学学报(社会科学) 2003年 第3期

联系我们


内蒙古大学图书馆
呼和浩特市大学西路235号
中国·内蒙古
P: (0471) 4992561
E: huangfeilong@imu.edu.cn