Paper Information


Title ᠳᠤᠮᠳᠠᠳᠤ ᠤᠯᠤᠰ ᠲᠤ ᠬᠠᠳᠠᠭᠠᠯᠠᠭᠳᠠᠵᠤ ᠪᠠᠢᠭ᠎ᠠ ᠴᠠᠬᠠᠷ ᠬᠡᠪᠰᠢ ᠶᠢᠨ ᠣᠷᠴᠢᠭᠤᠯᠤᠭᠰᠠᠨ 《ᠡᠷᠳᠡᠨᠢ ᠶᠢᠨ ᠰᠠᠩ ᠰᠤᠪᠠᠰᠢᠲᠢ》 ᠶᠢᠨ ᠪᠠᠷ ᠬᠡᠪᠯᠡᠯ ᠦᠨ ᠲᠤᠬᠠᠢ
Creator ᠪᠤᠷᠵᠢᠬᠢᠨ ᠴᠢᠯᠠᠭᠤ
Keyword ᠳᠤᠮᠳᠠᠳᠤ ᠤᠯᠤᠰ; 《ᠡᠷᠳᠡᠨᠢ ᠶᠢᠨ ᠰᠠᠩ ᠰᠤᠪᠢᠳᠢ》; ᠴᠠᠬᠠᠷ ᠬᠡᠪᠰᠢ; ᠪᠠᠢ ᠬᠡᠪᠯᠡᠯ
Abstract ᠲᠤᠰ ᠦᠭᠦᠯᠡᠯ ᠳᠦ ᠴᠠᠬᠠᠷ ᠬᠡᠪᠰᠢ ᠯᠤᠪᠰᠠᠩᠴᠦ᠋ᠯᠳᠮ ᠤᠨ ᠲᠦᠪᠡᠳ ᠬᠡᠯᠡᠨ ᠡᠴᠡ ᠮᠣᠩᠭᠤᠯ ᠬᠡᠯᠡᠨ ᠳᠦ ᠣᠷᠴᠢᠭᠤᠯᠤᠭᠰᠠᠨ 《ᠡᠷᠳᠡᠨᠢ ᠶᠢᠨ ᠰᠠᠩ ᠰᠤᠪᠢᠳᠢ》 ᠶᠢᠨ ᠤᠯᠤᠰ ᠤᠨ ᠳᠤᠲᠤᠭᠠᠳᠤ ᠳᠤ ᠬᠠᠳᠠᠭᠠᠯᠠᠭᠳᠠᠵᠤ ᠪᠠᠢᠭ᠎ᠠ ᠡᠬᠡ ᠨᠦᠬᠦᠳ ᠲᠦ ᠠᠵᠢᠭᠯᠠᠯᠲᠠ ᠬᠢᠵᠦ᠂ ᠲᠡᠭᠦᠨ ᠢ ᠴᠠᠭ ᠦᠶ᠎ᠡ ᠪᠡᠷ ᠨᠢ ᠭᠤᠷᠪᠠᠨ ᠬᠡᠰᠡᠭ ᠲᠦ ᠬᠤᠪᠢᠶᠠᠨ ᠲᠠᠨᠢᠯᠴᠠᠭᠤᠯᠵᠠᠢ᠃ ᠶᠠᠭᠤᠨ ᠤ ᠡᠮᠦᠨ᠎ᠡ᠂ ᠴᠠᠭᠠᠨ ᠠᠭᠤᠯᠠ ᠶᠢᠨ ᠰᠦᠮ᠎ᠡ ᠶᠢᠨ ᠮᠤᠳᠤᠨ ᠪᠠᠷ ᠤᠨ ᠡᠬᠡ ᠶᠢᠨ ᠬᠠᠳᠠᠭᠠᠯᠠᠭᠳᠠᠴᠠ ᠪᠠ ᠬᠠᠭᠤᠳᠠᠰᠤᠨ ᠬᠡᠮᠵᠢᠶ᠎ᠡ ᠶᠢ ᠦᠭᠦᠯᠡᠵᠦ᠂ ᠳᠠᠷᠠᠭ᠎ᠠ ᠨᠢ ᠳᠤᠮᠳᠠᠳᠤ ᠤᠯᠤᠰ ᠲᠤ ᠬᠠᠳᠠᠭᠠᠯᠠᠭᠳᠠᠵᠤ ᠪᠤᠢ ᠦᠰᠦᠨ ᠪᠢᠷ ᠦᠨ ᠪᠢᠴᠢᠮᠡᠯ ᠡᠬᠡ ᠨᠦᠬᠦᠳ ᠦᠨ ᠬᠠᠳᠠᠭᠠᠯᠠᠭᠳᠠᠴᠠ᠂ ᠬᠠᠭᠤᠳᠠᠰᠤᠨ ᠬᠡᠮᠵᠢᠶ᠎ᠡ ᠵᠢᠴᠢ ᠵᠠᠷᠢᠮ ᠣᠨᠴᠠᠯᠢᠭ ᠢ ᠲᠠᠢᠯᠪᠤᠷᠢᠯᠠᠵᠠᠢ᠃ ᠭᠤᠳᠠᠭᠠᠷ ᠲᠤ ᠢᠷᠭᠡᠨ ᠤᠯᠤᠰ ᠤᠨ ᠦᠶ᠎ᠡ ᠶᠢᠨ ᠦᠰᠦᠨ ᠪᠢᠷ ᠦᠨ ᠪᠢᠴᠢᠮᠡᠯ ᠡᠬᠡ ᠵᠢᠴᠢ ᠬᠤᠷᠭᠤᠯᠵᠢᠨ ᠪᠠᠷ ᠤᠨ ᠡᠬᠡ ᠳᠦ ᠲᠠᠨᠢᠯᠴᠠᠭᠤᠯᠭ᠎ᠠ ᠬᠢᠵᠡᠢ᠃
Original Literature No Original Paper
出自 西部蒙古论坛 2015年 第4期

联系我们


内蒙古大学图书馆
呼和浩特市大学西路235号
中国·内蒙古
P: (0471) 4992561
E: huangfeilong@imu.edu.cn