Paper Information


Title ᠰᠤᠶᠤᠯ ᠤᠨ ᠡᠪᠳᠡᠭᠳᠡᠯ ᠬᠢᠭᠡᠳ ᠣᠷᠤᠰᠢᠬᠤᠢ ᠶᠢᠨ ᠲᠦᠭᠰᠢᠭᠦᠷᠢ
Creator ᠬᠠᠢᠷᠬᠠᠨ
Keyword 《ᠠᠩᠴᠢᠨ ᠠᠪᠤ ᠪᠠ ᠠᠪᠠ ᠶᠢᠨ ᠳᠠᠢᠭ᠎ᠠ》; ᠰᠤᠶᠤᠯ ᠤᠨ ᠡᠪᠳᠡᠭᠳᠡᠯ; ᠣᠷᠤᠰᠢᠬᠤᠢ ᠶᠢᠨ ᠲᠦᠭᠰᠢᠭᠦᠷᠢ
Abstract ᠪ‍ · ᠵᠤᠷᠢᠭᠲᠤ ᠶᠢᠨ ᠲᠤᠭ᠋ᠤᠵᠢ 《ᠠᠩᠴᠢᠨ ᠠᠪᠤ ᠪᠠ ᠠᠪᠠ ᠶᠢᠨ ᠳᠠᠢᠭ᠎ᠠ》 ᠳᠤ ᠪᠠᠢᠭ᠋ᠠᠯᠢ ᠶᠢᠨ ᠠᠯᠢ ᠠᠬᠤᠢ ᠶᠢᠨ ᠮᠠᠭ᠋ᠤᠳᠠᠯ ᠨᠢ ᠠᠷᠤ ᠦᠵᠡᠭᠳᠡᠯ ᠪᠡ ᠦᠷ᠎ᠡ ᠳ᠋ᠦᠩ ᠪᠤᠯᠵᠤ ᠪᠦᠬᠦᠢᠯᠡ ᠲᠤᠭ᠋ᠤᠵᠢ ᠶᠢᠨ ᠦᠨᠳᠦᠰᠦᠨ ᠬᠦᠭ ᠠᠶᠠᠰ ᠢ ᠲᠤᠭᠲᠠᠭ᠋ᠠᠵᠠᠢ᠃ ᠬᠠᠷᠢ ᠰᠤᠶᠤᠯ ᠤᠨ ᠨᠡᠪᠲᠡᠷᠡᠯ ᠨᠢ ᠬᠠᠷᠢᠴᠠᠩᠭ᠋ᠤᠢ ᠪᠡᠶ᠎ᠡ ᠪᠡᠨ ᠳᠠᠭ᠋ᠠᠭ᠋ᠠᠭᠰᠠᠨ ᠲᠤᠰᠠᠭ᠋ᠠᠷ ᠰᠤᠶᠤᠯ ᠤᠨ ᠰᠢᠰᠲ᠌᠋ᠧᠮ ᠢ ᠡᠪᠳᠡᠵᠦ᠂ ᠬᠣᠷᠴᠢᠨᠴᠤᠳ ᠤᠨ ᠤᠯᠠᠮᠵᠢᠯᠠᠯᠲᠤ ᠰᠤᠶᠤᠯ ᠳᠤ ᠬᠦᠨᠳᠦ ᠨᠤᠴᠢᠲᠠᠢ ᠴᠤᠬᠢᠯᠲᠠ ᠪᠤᠯᠪᠠ᠃ ᠡᠭᠦᠨ ᠳᠦ ᠬᠤᠪᠢᠰᠬᠠᠯ ᠪᠠ ᠨᠡᠢᠭᠡᠮ ᠦᠨ ᠬᠦᠳᠡᠯᠭᠡᠭᠡᠨ᠂ ᠲᠠᠷᠢᠶᠠᠯᠠᠬᠤ ᠰᠤᠶᠤᠯ ᠤᠨ ᠳᠦᠷᠢᠯᠲᠡ᠂ ᠨᠡᠭᠦᠳᠡᠯ ᠢᠷᠭᠡᠳ ᠦᠨ ᠨᠤᠷᠢᠯᠲᠠ ᠠᠴᠠ ᠪᠤᠯᠤᠭᠰᠠᠨ ᠢ ᠲᠤᠭ᠋ᠤᠵᠢ ᠳᠤ ᠳᠦᠷᠰᠦᠯᠢᠭ ᠳᠤᠰᠬᠠᠵᠠᠢ᠃ 《ᠠᠭᠲᠠ》 ᠶᠢᠨ ᠨᠢᠷᠤᠭ᠋ᠤᠨ ᠠᠴᠠ ᠪᠠᠭ᠋ᠤᠭᠰᠠᠨ ᠲᠡᠳᠡ ᠣᠳᠣ ᠶᠠᠭ᠋ᠤ ᠭᠡᠬᠦ ᠪᠢᠯᠡ ⁈ ᠭᠠᠷᠬᠤ ᠵᠠᠮ ᠬᠠᠮᠢᠭ᠎ᠠ ᠪᠠᠢᠨ᠎ᠠ ⁈ ᠡᠨ᠋ᠡ ᠪᠤᠯ ᠲᠤᠭ᠋ᠤᠵᠢ ᠳᠤ ᠳᠤᠰᠬᠠᠭᠳᠠᠭᠰᠠᠨ ᠬᠦᠨᠳᠦ ᠠᠰᠠᠭ᠋ᠤᠯᠲᠠ ᠮᠦᠨ᠃
Original Literature No Original Paper
出自 内蒙古民族大学学报(社会科学) 2003年 第1期

联系我们


内蒙古大学图书馆
呼和浩特市大学西路235号
中国·内蒙古
P: (0471) 4992561
E: huangfeilong@imu.edu.cn